​106 ᠲᠣᠮᠣ ᠬᠤᠲᠠ ᠶᠢᠨ ᠨᠡᠷᠡᠰ ᠢ ᠨᠡᠶᠢᠲᠡᠯᠡᠵᠦ᠂ ᠥᠪᠥᠷ ᠮᠣᠩᠭᠤᠯ ᠤᠨ 3 ᠭᠠᠵᠠᠷ ᠨᠡᠷᠡᠰ ᠲᠤ ᠵᠢᠭᠰᠠᠭᠠᠭᠳᠠᠪᠠ
ᠨᠡᠶᠢᠲᠡᠯᠡᠭᠰᠡᠨ ᠴᠠᠭ᠄
2022/11/8
      ᠣᠶᠢᠷ᠎ᠠ ᠳᠤ᠂ ᠲᠥᠷᠥ ᠶᠢᠨ ᠶᠠᠪᠤᠳᠠᠯ ᠤᠨ ᠬᠤᠷᠢᠶᠠᠨ ᠤ ᠳᠣᠯᠣᠳᠤᠭᠠᠷ ᠤᠳᠠᠭᠠᠨ ᠤ ᠪᠥᠬᠦ ᠤᠯᠤᠰ ᠤᠨ ᠬᠥᠮᠦᠨ ᠠᠮᠠ ᠶᠢᠨ ᠨᠡᠶᠢᠳᠡᠮ ᠪᠠᠶᠢᠴᠠᠭᠠᠯᠲᠠ ᠶᠢᠨ ᠤᠳᠤᠷᠢᠳᠬᠤ ᠳᠤᠭᠤᠶᠢᠯᠠᠩ ᠤᠨ ᠠᠯᠪᠠᠨ ᠬᠡᠷ ᠤᠨ ᠨᠠᠶᠢᠷᠠᠭᠤᠯᠤᠨ ᠵᠣᠬᠢᠶᠠᠭᠰᠠᠨ ︽2020 ᠣᠨ ᠤ ᠳᠤᠮᠳᠠᠳᠤ ᠤᠯᠤᠰ ᠤᠨ ᠬᠥᠮᠦᠨ ᠠᠮᠠ ᠶᠢᠨ ᠨᠡᠶᠢᠳᠡᠮ ᠪᠠᠶᠢᠴᠠᠭᠠᠯᠲᠠ ᠶᠢᠨ ᠰᠢᠶᠠᠨ ᠢᠶᠠᠷ ᠨᠢᠭᠡᠴᠡᠯᠡᠭᠰᠡᠨ ᠮᠠᠲ᠋ᠧᠷᠢᠶᠠᠯ︾ ︵ᠳᠣᠷᠣᠭᠰᠢ ︽ᠮᠠᠲ᠋ᠧᠷᠢᠶᠠᠯ︾ ᠭᠡᠵᠦ ᠲᠣᠪᠴᠢᠯᠠᠨ᠎ᠠ︶ ᠳᠤ ᠡᠯ᠎ᠡ ᠬᠤᠲᠠ  ︵ᠰᠢᠭᠤᠳ ᠬᠠᠷᠢᠶ᠎ᠠ ᠬᠤᠲᠠ᠂  ᠲᠤᠰᠠᠭᠠᠷ ᠲᠥᠯᠥᠪᠯᠡᠭᠡᠲᠦ ᠬᠤᠲᠠ᠂ ᠮᠤᠵᠢ ᠶᠢᠨ ᠲᠥᠪ ᠬᠤᠲᠠ᠂  ᠡᠩ ᠤᠨ ᠲᠤᠰᠬᠠᠶ ᠣᠷᠣᠨ ᠤ ᠲᠠᠰ ᠤᠨ ᠬᠤᠲᠠ ᠪᠠ ᠰᠢᠶᠠᠨ ᠤ ᠲᠠᠰ ᠤᠨ ᠬᠤᠲᠠ ᠪᠠᠭᠲᠠᠨ᠎ᠠ︶ ᠶᠢᠨ ᠬᠤᠲᠠ ᠲᠣᠭᠤᠷᠢᠭ ᠤᠨ ᠬᠥᠮᠦᠨ ᠠᠮᠠ ᠶᠢᠨ ᠲᠤᠭ᠎ᠠ ᠶᠢ ᠨᠡᠶᠢᠲᠡᠯᠡᠪᠡ᠃  ᠬᠤᠲᠠ ᠶᠢᠨ ᠬᠡᠪᠴᠢᠶ᠎ᠡ ᠶᠢᠨ ᠵᠢᠷᠤᠬᠯᠠᠯ ᠤᠨ ᠪᠠᠷᠢᠮᠵᠢᠶ᠎ᠠ ᠶᠢ ᠦᠨᠳᠦᠰᠦᠯᠡᠪᠡᠯ᠂ ᠣᠳᠣᠬᠠᠨ ᠳᠤ ᠮᠠᠨ ᠤ ᠤᠯᠤᠰ ᠲᠤ ᠨᠡᠶᠢᠲᠡ 106 ᠲᠣᠮᠣ ᠬᠤᠲᠠ ᠪᠠᠶᠢᠨ᠎ᠠ᠂ ᠡᠭᠦᠨ ᠳᠤ 7 ᠬᠡᠲᠦ ᠲᠣᠮᠣ ᠬᠤᠲᠠ᠂ 14  ᠣᠨᠴᠠ ᠲᠣᠮᠣ ᠬᠤᠲᠠ᠂ Ⅰ ᠬᠡᠯᠪᠡᠷᠢ ᠶᠢᠨ 14 ᠲᠣᠮᠣ ᠬᠤᠲᠠ ᠵᠢᠴᠢ Ⅱ  ᠬᠡᠯᠪᠡᠷᠢ ᠶᠢᠨ 71 ᠲᠣᠮᠣ  ᠬᠤᠲᠠ ᠪᠠᠭᠲᠠᠨ᠎ᠠ᠃  ᠮᠤᠵᠢ ᠣᠷᠣᠨ ᠤ ᠪᠠᠶᠢᠳᠠᠯ ᠠᠴᠠ  ᠦᠵᠡᠪᠡᠯ᠂ ᠲᠥᠪᠡᠳ ᠢ ᠭᠠᠷᠭᠠᠪᠠᠯ᠂ ᠪᠤᠰᠤᠳ 30 ᠮᠤᠵᠢ ᠳᠤ ᠴᠥᠮ ᠶᠡᠭᠡ ᠬᠤᠲᠠᠳ ᠪᠠᠶᠢᠨ᠎ᠠ᠂ ᠡᠭᠦᠨ ᠤ ᠳᠣᠲᠣᠷ᠎ᠠ ᠬᠤᠶᠠᠳᠤᠭᠠᠷ ᠠᠵᠤ ᠠᠬᠤᠶ ᠶᠢᠨ ᠲᠣᠮᠣ ᠮᠤᠵᠢ ᠵᠢᠶᠠᠩᠰᠦ ᠳᠤ ᠬᠠᠮᠤᠭ ᠤᠨ ᠣᠯᠠᠨ᠂ 11 ᠲᠤᠮᠤ ᠬᠤᠲᠠ ᠪᠤᠢ᠂ ᠭᠤᠸᠠᠩᠳᠦ᠋ᠩ ᠪᠠ ᠱᠠᠨᠳᠦ᠋ᠩ ᠳᠤ ᠲᠤᠰ ᠪᠦᠷᠢ 10 ᠲᠤᠮᠤ ᠬᠤᠲᠠ ᠪᠠᠶᠢᠨ᠎ᠠ᠃ ᠥᠪᠥᠷ ᠮᠣᠩᠭᠤᠯ ᠤᠨ 3 ᠬᠤᠲᠠ ᠨᠡᠷᠡᠰ ᠲᠤ ᠵᠢᠭᠰᠠᠭᠠᠭᠳᠠᠪᠠ︕      
ᠢᠷᠡᠯᠲᠡ᠄ ᠠᠷᠠᠳ ᠤᠨ ᠰᠦᠯᠵᠢᠶ᠎ᠡ