12 ᠰᠠᠷ᠎ᠠ ᠶᠢ 16 ᠤ ᠡᠳᠥᠷ ᠤᠨ 0 — 24 ᠴᠠᠭ ᠪᠤᠯᠳᠡᠯᠡᠬᠢ ᠬᠢᠵᠢᠭ ᠤᠨ ᠪᠠᠶᠢᠳᠠᠯ
ᠨᠡᠶᠢᠲᠡᠯᠡᠭᠰᠡᠨ ᠴᠠᠭ᠄
2022/12/21
                           12 ᠰᠠᠷ᠎ᠠ ᠶᠢ 16 ᠤ ᠡᠳᠥᠷ ᠤᠨ 0 — 24 ᠴᠠᠭ ᠪᠣᠯᠲᠠᠯ᠎ᠠ᠂ 31 ᠮᠤᠵᠢ ︵ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ︶ ᠪᠣᠯᠤᠨ ᠰᠢᠨᠵᠢᠶᠠᠩ ᠤᠨ ᠦᠢᠯᠡᠳᠪᠦᠷᠢᠯᠡᠯ ᠪᠦᠲᠦᠭᠡᠨ ᠪᠠᠶᠢᠭᠤᠯᠤᠯᠲᠠ ᠶᠢ ᠪᠢᠩᠲ᠋ᠤᠸᠠᠨ ᠰᠢᠨ᠎ᠡ ᠲᠢᠲᠢᠮᠯᠢᠭ ᠠᠭᠤᠰᠭᠢᠨ ᠦᠷᠪᠢᠰᠦᠯ ᠤᠨ ᠰᠢᠨ᠎ᠡ ᠪᠠᠷ ᠨᠡᠮᠡᠭᠳᠡᠭᠰᠡᠨ ᠲᠣᠳᠣᠯᠠᠭᠰᠠᠨ ᠡᠪᠡᠳᠴᠢᠲᠡᠨ ᠢ 2286 ᠮᠡᠳᠡᠭᠦᠯᠪᠡ᠃ ᠡᠭᠦᠨ ᠳᠤ ᠬᠢᠯᠢ ᠶᠢ ᠭᠠᠳᠠᠨ᠎ᠠ ᠠᠴᠠ ᠣᠷᠣᠵᠤ ᠢᠷᠡᠭᠰᠡᠨ ᠨᠢ 57 ︵ᠭᠤᠸᠠᠩᠳᠦ᠋ᠩ 13᠂ ᠪᠡᠭᠡᠵᠢᠩ 9᠂ ᠯᠢᠶᠣᠣᠨᠢᠩ 7᠂ ᠰᠧᠴᠤᠸᠠᠨ 6᠂ ᠥᠪᠥᠷ ᠮᠣᠩᠭᠤᠯ 5᠂ ᠱᠠᠩᠬᠠᠢ 5᠂ ᠹᠦᠵᠢᠶᠠᠨ 4᠂ ᠱᠠᠨᠳᠦ᠋ᠩ 4᠂ ᠱᠠᠨᠰᠢ 3᠂ ᠬᠠᠷᠠᠮᠥ᠋ᠷᠡᠨ 1︶︔ ᠰᠢᠨ᠎ᠡ ᠪᠠᠷ ᠨᠡᠮᠡᠭᠳᠡᠭᠰᠡᠨ ᠲᠤᠬᠠᠢ ᠶᠢ ᠭᠠᠵᠠᠷ ᠤᠨ ᠡᠪᠡᠳᠴᠢᠲᠡᠨ 2229 ︵ᠭᠤᠸᠠᠩᠳᠦ᠋ᠩ 990᠂ ᠪᠡᠭᠡᠵᠢᠩ 444᠂ ᠴᠦᠩᠴᠢᠩ 178᠂ ᠹᠦᠵᠢᠶᠠᠨ 110᠂ ᠰᠧᠴᠤᠸᠠᠨ 97᠂ ᠱᠠᠩᠬᠠᠢ 55᠂ ᠱᠠᠨᠳᠦ᠋ᠩ 54᠂ ᠵᠧᠵᠢᠶᠠᠩ 52᠂ ᠶᠦᠨᠨᠠᠨ 43᠂ ᠾᠧᠨᠠᠨ 42᠂ ᠬᠤᠨᠠᠨ 41᠂ ᠲᠢᠶᠠᠨᠵᠢᠨ 29᠂ ᠥᠪᠥᠷ ᠮᠣᠩᠭᠤᠯ 21᠂ ᠱᠠᠨᠰᠢ 14᠂ ᠾᠧᠪᠧᠢ 13᠂ ᠬᠠᠷᠠᠮᠥ᠋ᠷᠡᠨ 11᠂ ᠱᠠᠨ ᠱᠢ 10᠂ ᠵᠢᠶᠠᠩᠰᠤ 7᠂ ᠭᠦᠢᠵᠧᠦ 7᠂ ᠯᠢᠶᠣᠣᠨᠢᠩ 5᠂ ᠬᠥᠬᠡᠨᠠᠭᠤᠷ 3᠂ ᠭᠢᠷᠢᠨ 2᠂ ᠠᠨᠾᠦ᠋ᠢ 1︶︔ ᠰᠢᠨ᠎ᠡ ᠪᠠᠷ ᠨᠡᠮᠡᠭᠳᠡᠭᠰᠡᠨ ᠰᠡᠵᠢᠭᠯᠡᠯᠲᠡᠢ ᠡᠪᠡᠳᠴᠢᠲᠡᠨ 1 ︵ᠲᠤᠬᠠᠢ ᠶᠢ ᠭᠠᠵᠠᠷ ᠤᠨ ᠡᠪᠡᠳᠴᠢᠲᠡᠨ ᠪᠣᠯᠤᠨ᠎ᠠ᠂ ᠪᠡᠭᠡᠵᠢᠩ ᠳᠤ ᠢᠯᠡᠷᠡᠪᠡ︶︔ ᠰᠢᠨ᠎ᠡ ᠪᠠᠷ ᠨᠡᠮᠡᠭᠳᠡᠭᠰᠡᠨ ᠨᠠᠰᠤ ᠪᠠᠷᠠᠭᠰᠠᠨ ᠡᠪᠡᠳᠴᠢᠲᠡᠨ ᠪᠠᠶᠢᠬᠤ ᠦᠭᠡᠢ᠃
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ