ᠠᠯᠪᠡᠨ ᠭᠡᠷ ᠲᠤ ᠠᠷᠭ᠎ᠠ ᠴᠢᠨᠠᠷᠳᠠᠢ ᠬᠦᠮᠤᠨ ᠢᠯᠡᠷᠡᠪᠡᠯ ᠶᠠᠭᠠᠬᠢᠵᠤ ᠠᠷᠢᠭᠤᠳᠬᠠᠯ ᠬᠢᠪᠡᠯ ᠰᠠᠶᠢᠨ ᠪᠤᠢ︖
ᠨᠡᠶᠢᠲᠡᠯᠡᠭᠰᠡᠨ ᠴᠠᠭ᠄
2022/12/21
                            ᠠᠯᠪᠡᠨ ᠭᠡᠷ ᠤᠨ ᠠᠷᠢᠭᠤᠳᠬᠠᠬᠤ ᠠᠷᠭ᠎ᠠ ᠳᠤ ᠴᠤᠬᠤᠮ ᠬᠠᠮᠢᠭᠠᠬᠢ ᠶᠢ ᠠᠷᠢᠭᠤᠳᠬᠠᠬᠤ ᠪᠤᠢ︖          1. ᠤᠷᠢᠳ ᠢᠶᠠᠷ ᠠᠷᠭ᠎ᠠ ᠴᠢᠨᠠᠷᠳᠠᠢ ᠬᠦᠮᠤᠨ ᠠᠴᠠ ᠲᠡᠭᠦᠨ ᠤ ᠶᠠᠪᠤᠵᠤ ᠦᠡᠭᠭᠡᠷᠡᠭᠰᠡᠨ ᠲᠠᠯᠠᠪᠤᠷ ︵ᠠᠯᠪᠡᠨ ᠭᠡᠷ᠂  ᠬᠤᠭᠤᠯᠠᠨ ᠭᠡᠷ᠂  ᠴᠠᠬᠢᠯᠭᠠᠨ ᠱᠠᠳᠤ᠂  ᠠᠷᠢᠭᠤᠨ ᠴᠡᠪᠡᠷ ᠤᠨ ᠦᠷᠦᠭᠡ ᠵᠡᠷᠭᠡ︶ ᠢ ᠦᠢᠯᠠᠭᠠᠨ᠂  ᠬᠡᠪᠴᠢᠶ᠎ᠡ ᠶᠢ ᠲᠤᠬᠳᠠᠭᠠᠵᠤ᠂  ᠤᠷᠴᠢᠨ ᠲᠤᠭᠤᠷᠢᠨ ᠤ ᠠᠶᠦᠯ ᠲᠦᠭᠰᠢᠭᠦᠷᠢ ᠪᠡ ᠡᠳ᠋ ᠪᠤᠳᠠᠰ ᠤᠨ ᠤᠨᠴᠠᠯᠢᠭ ᠢ ᠦᠨᠳᠤᠰᠤᠯᠡᠨ ᠦᠨᠡᠯᠡᠨ ᠵᠢᠱᠢᠯᠳᠡ ᠬᠢᠨ᠎ᠡ᠃           2. ᠠᠶᠦᠯ ᠲᠦᠭᠰᠢᠭᠦᠷᠢ ᠪᠠᠷ ᠶᠡᠭᠡ ᠮᠦᠷᠳᠡᠭᠡᠨ ᠠᠷᠢᠭᠤᠳᠬᠠᠨ ᠰᠢᠢᠳᠪᠤᠷᠢᠯᠡᠵᠤ ᠪᠤᠯᠬᠤ ᠤᠷᠴᠢᠨ ᠲᠤᠭᠤᠷᠢᠨ ᠪᠡ ᠡᠳ᠋ ᠪᠤᠳᠠᠰ ᠢ ᠵᠦᠪ ᠠᠷᠢᠭᠤᠳᠬᠠᠬᠤ ᠠᠷᠭ᠎ᠠ ᠪᠠᠷ ᠲᠤᠶᠢᠯᠪᠤᠷᠢᠳᠠᠢ ᠠᠷᠢᠭᠤᠳᠬᠠᠨ᠎ᠠ       3. ᠲᠦᠭᠰᠢᠭᠦᠷᠢ ᠪᠠᠷ ᠶᠡᠭᠡ ᠪᠤᠯᠪᠠᠴᠤ ᠠᠷᠢᠭᠤᠳᠬᠠᠵᠤ ᠲᠠᠶᠢᠯᠬᠦ ᠦᠭᠡᠢ ᠤᠷᠴᠢᠨ ᠲᠤᠭᠤᠷᠢᠨ ᠪᠡ ᠡᠳ᠋ ᠪᠤᠳᠠᠰ ᠢ ᠨᠢᠬᠳᠠ ᠪᠢᠳᠡᠭᠦᠮᠵᠢᠯᠡᠬᠦ ᠪᠤᠶᠤ ᠲᠠᠶᠢᠪᠤᠡᠭ ᠪᠠᠶᠢᠯᠭᠠᠬᠤ ᠠᠷᠭ᠎ᠠ ᠪᠠᠷ ᠬᠤᠤᠷ ᠦᠭᠡᠶᠢᠵᠢᠭᠦᠯᠬᠦ ᠶᠢ ᠦᠨᠡᠨ ᠬᠦ ᠪᠠᠳᠤᠯᠠᠨ᠎ᠠ᠃           ᠶᠠᠭᠠᠬᠢᠵᠤ ᠠᠷᠢᠭᠤᠳᠬᠠᠬᠤ ᠪᠤᠢ︖        1. ᠠᠯᠪᠡᠨ ᠭᠡᠷ ᠤᠨ ᠠᠭᠠᠷ ᠢ ᠭᠡᠷᠬᠢᠨ ᠠᠷᠢᠭᠤᠳᠬᠠᠬᠤ ᠪᠤᠢ︖         ᠰᠠᠯᠬᠢ ᠨᠡᠪᠳᠡᠷᠡᠭᠦᠯᠬᠦ ᠪᠠᠷ ᠭᠤᠤᠯ ᠪᠤᠯᠭᠠᠵᠤ᠂  ᠡᠳᠤᠷ ᠪᠦᠷᠢ ᠴᠤᠩᠬᠤ ᠪᠠᠨ 4 ᠤᠳᠠᠭ᠎ᠠ ᠠᠴᠠ ᠲᠡᠭᠡᠭᠰᠢ ᠨᠡᠭᠡᠭᠡᠵᠤ᠂  ᠤᠳᠠᠭ᠎ᠠ ᠪᠦᠷᠢ 30 ᠮᠢᠨᠦ᠋ᠲ  ᠠᠴᠠ ᠢᠯᠡᠭᠦᠤ ᠰᠠᠯᠬᠢ ᠨᠡᠪᠳᠡᠷᠡᠭᠦᠯᠤᠨ᠎ᠡ᠃  ᠠᠷᠭ᠎ᠠ ᠴᠢᠨᠠᠷᠳᠠᠢ ᠬᠦᠮᠤᠨ ᠤ ᠬᠦᠳᠡᠯᠭᠡᠭᠡᠨ ᠬᠢᠵᠤ ᠦᠡᠭᠭᠡᠷᠡᠭᠰᠡᠨ ᠮᠦᠷᠳᠡᠭᠡᠨ ᠰᠠᠯᠬᠢ ᠨᠡᠪᠳᠡᠷᠡᠬᠦ ᠨᠢ ᠮᠠᠭᠤ ᠭᠡᠷ ᠲᠤᠳᠤᠷᠠᠬᠢ ᠤᠷᠴᠢᠨ ᠲᠤᠭᠤᠷᠢᠨ ᠢ ᠬᠦᠮᠤᠨ ᠦᠭᠡᠢ ᠪᠠᠶᠢᠳᠠᠯ ᠲᠤᠤᠷ᠎ᠠ 500 mg / L  ᠤᠨ ᠾᠯᠤᠷ ᠤᠨ ᠲᠠᠪᠬᠤᠷ ᠢᠰᠦᠯ ᠤᠨ ᠠᠷᠢᠭᠤᠳᠬᠠᠬᠴᠢ ᠡᠳ᠋ ᠢᠶᠠᠷ ᠰᠦᠷᠴᠢᠨ ᠠᠷᠢᠭᠤᠳᠬᠠᠵᠤ ᠪᠤᠯᠤᠨ᠎ᠠ᠃        2. ᠠᠯᠪᠡᠨ ᠭᠡᠷ ᠲᠠᠬᠢ ᠪᠤᠳᠠᠰ ᠤᠨ ᠭᠠᠳᠠᠷᠭᠤ ᠶᠢ ᠬᠡᠷᠬᠢᠨ ᠠᠷᠢᠭᠤᠳᠬᠠᠬᠤ ᠪᠤᠢ︖           ᠠᠷᠭ᠎ᠠ ᠴᠢᠨᠠᠷᠳᠠᠢ ᠬᠦᠮᠤᠨ ᠤ ᠬᠦᠷᠦᠯᠴᠡᠵᠤ ᠮᠡᠳᠡᠭᠰᠡᠨ ᠪᠤᠳᠠᠰ ᠤᠨ ᠭᠠᠳᠠᠷᠭᠤ᠂  ᠵᠢᠱᠢᠶᠡᠯᠡᠪᠡᠯ ᠰᠢᠷᠡᠭᠡ ᠰᠠᠨᠳᠠᠯᠢ᠂  ᠲᠠᠷᠤᠪᠴᠢ ᠶᠢᠨ ᠲᠠᠪᠠᠭ᠂  ᠬᠤᠯᠤᠭᠠᠨᠠᠴᠢᠷ᠂  ᠳᠠᠷᠤᠮᠠᠯᠯᠠᠬᠤ ᠮᠠᠰᠢᠨ ᠵᠡᠷᠭᠡ ᠠᠯᠪᠡᠨ ᠭᠡᠷ ᠤᠨ ᠭᠡᠷᠡᠭᠰᠡᠯ᠂  ᠡᠭᠦᠳᠡᠨ ᠤ ᠪᠠᠷᠢᠭᠤᠯ᠂  ᠨᠡᠭᠡᠭᠡᠯᠡᠭᠡᠢ᠂  ᠴᠠᠬᠢᠯᠭᠠᠨ ᠱᠠᠳᠤ ᠶᠢᠨ ᠲᠠᠷᠤᠭᠤᠯ᠂  ᠤᠰᠤᠨ ᠭᠤᠭᠤᠵᠢᠭᠤᠷ ᠵᠡᠷᠭᠡ ᠶᠢ 1000 mg / L ᠤᠨ ᠾᠯᠤᠷ ᠠᠭᠤᠯᠤᠬᠰᠡᠨ ᠠᠷᠢᠭᠤᠳᠬᠠᠬᠴᠢ ᠡᠳ᠋ ᠪᠤᠶᠤ 500 mg / L ᠤᠨ ᠾᠯᠤᠷ ᠤᠨ ᠳᠠᠪᠬᠤᠷ ᠢᠰᠦᠯ ᠤᠨ ᠠᠷᠢᠭᠤᠳᠬᠠᠬᠴᠢ ᠡᠳ᠋ ᠢᠶᠠᠷ ᠰᠦᠷᠴᠢᠬᠦ ᠪᠤᠶᠤ ᠠᠷᠴᠢᠨ ᠠᠷᠢᠭᠤᠳᠬᠠᠵᠤ᠂ 30 ᠮᠢᠨᠦ᠋ᠲ ᠤᠨ ᠲᠠᠷᠠᠭ᠎ᠠ ᠴᠡᠪᠡᠷ ᠤᠰᠤ ᠪᠠᠷ ᠵᠦᠯᠭᠦᠵᠤ ᠴᠡᠪᠡᠷᠯᠡᠨ᠎ᠡ᠃  ᠢᠳᠡᠭᠳᠡᠯ ᠢ ᠲᠠᠭᠠᠭᠠᠬᠤ ᠦᠭᠡᠢ ᠭᠠᠳᠠᠷᠭᠤ ᠶᠢ 2000 mg / L ᠤᠨ ᠲᠦᠷᠪᠡᠳᠦᠭᠡᠷ ᠠᠮᠮᠤᠨᠢ ᠶᠢᠨ ᠲᠠᠪᠤᠰᠤᠨ ᠤ ᠲᠦᠷᠦᠯ ᠤᠨ ᠠᠷᠢᠭᠤᠳᠬᠠᠬᠴᠢ ᠡᠳ᠋ ᠢᠶᠠᠷ ᠰᠦᠷᠴᠢᠬᠦ ᠪᠤᠶᠤ ᠵᠦᠯᠭᠦᠵᠤ ᠪᠤᠯᠤᠨ᠎ᠠ᠃  ᠵᠢᠵᠢᠭ ᠪᠤᠳᠠᠰ ᠤᠨ ᠭᠠᠳᠠᠷᠭᠤ ᠶᠢ 75 % ᠶᠢᠨ ᠰᠫᠢᠷᠲ ᠠᠭᠤᠯᠤᠬᠰᠡᠨ ᠠᠷᠢᠭᠤᠳᠬᠠᠬᠴᠢ ᠡᠳ᠋ ᠪᠤᠶᠤ ᠡᠮᠨᠡᠯᠭᠡ  ᠳᠤ ᠬᠡᠷᠡᠭᠯᠡᠬᠦ ᠠᠷᠢᠭᠤᠳᠬᠠᠯ ᠤᠨ ᠨᠤᠶᠢᠳᠡᠨ ᠠᠯᠴᠢᠭᠤᠷ ᠢᠶᠠᠷ ᠵᠦᠯᠭᠦᠵᠤ ᠠᠷᠢᠭᠤᠳᠬᠠᠨ᠎ᠠ᠃           3. ᠠᠯᠪᠡᠨ ᠭᠡᠷ ᠤᠨ ᠭᠠᠵᠠᠷ ᠤᠨ ᠭᠠᠳᠠᠷᠭᠤ ᠶᠢ ᠬᠡᠷᠬᠢᠨ ᠠᠷᠢᠭᠤᠳᠬᠠᠬᠤ ᠪᠤᠢ︖            ᠠᠷᠭ᠎ᠠ ᠴᠢᠨᠠᠷᠳᠠᠢ ᠬᠦᠮᠤᠨ ᠤ ᠶᠠᠪᠤᠵᠤ ᠦᠡᠭᠭᠡᠷᠡᠭᠰᠡᠨ ᠭᠠᠵᠠᠷ ᠤᠨ ᠭᠠᠳᠠᠷᠭᠤ ᠶᠢ 1000 mg / L ᠤᠨ ᠾᠯᠤᠷ ᠠᠭᠤᠯᠤᠬᠰᠡᠨ ᠠᠷᠢᠭᠤᠳᠬᠠᠬᠴᠢ ᠡᠳ᠋ ᠪᠤᠶᠤ 500 mg / L ᠤᠨ ᠾᠯᠤᠷ ᠤᠨ ᠲᠠᠪᠬᠤᠷ ᠢᠰᠦᠯ ᠤᠨ ᠠᠷᠢᠭᠤᠳᠬᠠᠬᠴᠢ ᠡᠳ᠋ ᠢᠶᠠᠷ ᠰᠦᠷᠴᠢᠬᠦ ᠪᠤᠶᠤ ᠵᠦᠯᠭᠦᠬᠦ ᠠᠷᠭ᠎ᠠ ᠪᠠᠷ ᠲᠤᠶᠢᠯᠪᠤᠷᠢᠳᠠᠢ ᠠᠷᠢᠭᠤᠳᠬᠠᠵᠤ᠂  ᠠᠷᠢᠭᠤᠳᠬᠠᠬᠤ ᠦᠢᠯᠡᠳᠦᠯ ᠢ 30 ᠮᠢᠨᠦ᠋ᠲ ᠠᠴᠠ ᠲᠤᠳᠠᠭᠤ ᠪᠠᠶᠢᠯᠭᠠᠵᠤ ᠪᠤᠯᠬᠤ ᠦᠭᠡᠢ᠃  ᠲᠠᠷᠠᠭ᠎ᠠ ᠨᠢ ᠴᠡᠪᠡᠷᠯᠡᠬᠦ ᠪᠠᠷ ᠭᠤᠤᠯ ᠪᠤᠯᠭᠠᠨ᠎ᠠ᠃          4. ᠠᠯᠪᠠᠯᠠᠬᠤ ᠲᠤᠭᠤᠷᠢᠭ ᠤᠨ ᠠᠷᠢᠭᠤᠨ ᠴᠡᠪᠡᠷ ᠤᠨ ᠬᠡᠷᠡᠭᠰᠡᠯ ᠢ ᠬᠡᠷᠬᠢᠨ ᠠᠷᠢᠭᠤᠳᠬᠠᠬᠤ ᠪᠤᠢ︖         ᠭᠠᠷ ᠤᠬᠢᠶᠠᠬᠤ ᠲᠠᠳᠠᠭᠠᠯ᠂  ᠭᠠᠳᠠᠭᠠᠯᠠᠬᠤ ᠰᠠᠭᠤᠯᠠᠭ᠎ᠠ᠂  ᠬᠤᠭ ᠤᠨ ᠰᠠᠪᠠ ᠵᠡᠷᠭᠡ ᠠᠷᠢᠭᠤᠨ ᠴᠡᠪᠡᠷ ᠤᠨ ᠬᠡᠷᠡᠭᠰᠡᠯ ᠢ 1000 mg / L ᠤᠨ ᠾᠯᠤᠷ ᠠᠭᠤᠯᠤᠬᠰᠡᠨ ᠠᠷᠢᠭᠤᠳᠬᠠᠬᠴᠢ ᠡᠳ᠋᠂ 500 mg / L ᠤᠨ ᠾᠯᠤᠷ ᠤᠨ ᠲᠠᠪᠬᠤᠷ ᠢᠰᠦᠯ ᠤᠨ ᠠᠷᠢᠭᠤᠳᠬᠠᠬᠴᠢ ᠡᠳ᠋ ᠪᠤᠶᠤ ᠪᠤᠰᠤᠳ ᠠᠷᠢᠭᠤᠳᠬᠠᠬᠴᠢ ᠡᠳ᠋  ᠢᠶᠠᠷ ᠵᠦᠯᠭᠦᠬᠦ ᠪᠤᠶᠤ ᠰᠦᠷᠴᠢᠨ ᠠᠷᠢᠭᠤᠳᠬᠠᠵᠤ᠂ 30 ᠮᠢᠨᠦ᠋ᠲ ᠤᠨ ᠲᠠᠷᠠᠭ᠎ᠠ ᠴᠡᠪᠡᠷ ᠤᠰᠤ ᠪᠠᠷ ᠴᠡᠪᠡᠷᠯᠡᠨ᠎ᠡ᠃          5. ᠨᠡᠭᠡᠮᠡᠯ ᠤᠨ ᠪᠠᠷᠠᠭ᠎ᠠ ᠶᠢ ᠬᠡᠷᠬᠢᠨ ᠠᠷᠢᠭᠤᠳᠬᠠᠬᠤ ᠪᠤᠢ︖         ᠠᠯᠴᠢᠭᠤᠷ᠂  ᠬᠤᠪᠴᠠᠰᠤ ᠬᠤᠨᠠᠷ ᠵᠡᠷᠭᠡ ᠨᠡᠭᠡᠮᠡᠯ ᠡᠳ᠋ ᠢ 250 mg / L ᠤᠨ ᠾᠯᠤᠷ ᠠᠭᠤᠯᠤᠬᠰᠡᠨ ᠠᠷᠢᠭᠤᠳᠬᠠᠬᠤ ᠰᠢᠩᠭᠡᠨ ᠢᠶᠠᠷ 30 ᠮᠢᠨᠦ᠋ᠲ ᠲᠡᠪᠳᠦᠭᠡᠭᠰᠡᠨ ᠤ ᠲᠠᠷᠠᠭ᠎ᠠ ᠡᠩ ᠤᠨ ᠠᠷᠭ᠎ᠠ ᠪᠠᠷ ᠤᠬᠢᠶᠠᠨ᠎ᠠ᠃  ᠪᠠᠰᠨ ᠪᠤᠴᠠᠯᠭᠠᠵᠤ ᠠᠷᠢᠭᠤᠳᠬᠠᠬᠤ ᠪᠤᠶᠤ ᠪᠤᠴᠠᠯᠤᠬᠰᠡᠨ ᠤᠰᠤ ᠪᠠᠷ 30 ᠮᠢᠨᠦ᠋ᠲ ᠲᠡᠪᠳᠦᠭᠡᠵᠤ ᠪᠤᠯᠤᠨ᠎ᠠ᠃           6. ᠢᠳᠡᠭᠡᠨ ᠤᠮᠳᠠᠭᠠᠨ ᠤ ᠬᠡᠷᠡᠭᠰᠡᠯ ᠢ ᠭᠡᠷᠬᠢᠨ ᠠᠷᠢᠭᠤᠳᠬᠠᠬᠤ ᠪᠤᠢ︖           ᠠᠷᠭ᠎ᠠ ᠴᠢᠨᠠᠷᠳᠠᠢ ᠬᠦᠮᠤᠨ ᠤ ᠬᠡᠷᠡᠭᠯᠡᠵᠤ ᠦᠡᠭᠭᠡᠷᠡᠭᠰᠡᠨ ᠢᠳᠡᠭᠡᠨ ᠤᠮᠳᠠᠭᠠᠨ ᠤ ᠬᠡᠷᠡᠭᠰᠡᠯ ᠳᠠᠬᠢ ᠦᠯᠡᠳᠡᠭᠳᠡᠯ ᠪᠤᠳᠠᠰ ᠢ ᠴᠡᠪᠡᠷᠯᠡᠨ ᠠᠷᠢᠯᠭᠠᠵᠤ ᠤᠬᠢᠶᠠᠬᠰᠡᠨ  ᠤ ᠲᠠᠷᠠᠭ᠎ᠠ 15 — 30 ᠮᠢᠨᠦ᠋ᠲ ᠪᠤᠴᠠᠯᠭᠠᠵᠤ ᠠᠷᠢᠭᠤᠳᠬᠠᠬᠤ ᠪᠤᠶᠤ ᠠᠷᠢᠭᠤᠳᠬᠠᠬᠤ ᠬᠤᠷᠭᠤ ᠳᠤ ᠬᠢᠵᠤ ᠠᠷᠢᠭᠤᠳᠬᠠᠵᠤ ᠪᠤᠯᠤᠨ᠎ᠠ᠃          7. ᠴᠠᠭᠠᠰᠤᠨ ᠮᠠᠲ᠋ᠧᠷᠢᠶᠠᠯ ᠢ ᠬᠡᠷᠬᠢᠨ ᠠᠷᠢᠭᠤᠳᠬᠠᠬᠤ ᠪᠤᠢ︖        ᠴᠦᠭᠡᠨ ᠪᠠᠶᠢᠪᠠᠯ ᠬᠦᠷᠢᠨ ᠤ ᠭᠠᠳᠠᠨᠠᠬᠢ ᠲᠤᠶᠠᠭᠠᠨ ᠤ ᠳ᠋ᠸᠡᠭ ᠤᠨ ᠲᠤᠤᠷ᠎ᠠ ᠨᠢᠭᠤᠷ ᠲᠠᠷᠠᠭᠠᠯᠠᠨ ᠠᠷᠢᠭᠤᠳᠬᠠᠵᠤ ᠪᠤᠯᠤᠨ᠎ᠠ᠃         ᠠᠷᠪᠢᠨ ᠪᠠᠶᠢᠪᠠᠯ ᠰᠠᠯᠬᠢ ᠨᠡᠪᠳᠡᠷᠡᠬᠦ ᠤᠷᠴᠢᠨ ᠳᠤ ᠲᠠᠯᠪᠢᠵᠤ ᠠᠷᠢᠭᠤᠳᠬᠠᠵᠤ ᠪᠤᠯᠤᠨ᠎ᠠ᠃         8. ᠪᠤᠰᠤᠳ ᠠᠷᠢᠭᠤᠳᠬᠠᠬᠤ ᠳᠤ ᠬᠦᠴᠢᠷ ᠪᠤᠳᠠᠰ ᠢ ᠭᠡᠷᠬᠢᠨ ᠰᠢᠢᠳᠪᠤᠷᠢᠯᠡᠬᠦ ᠪᠤᠢ︖           ᠠᠶᠦᠯ ᠲᠦᠭᠰᠢᠭᠦᠷᠢ ᠲᠠᠢ ᠮᠦᠷᠳᠡᠭᠡᠨ ᠠᠷᠢᠭᠤᠳᠬᠠᠬᠤ ᠠᠷᠭ᠎ᠠ ᠦᠭᠡᠢ ᠪᠠᠶᠢᠪᠠᠯ ᠨᠢᠬᠳᠠ ᠪᠢᠳᠡᠭᠦᠮᠵᠢᠯᠡᠵᠤ ᠲᠠᠶᠢᠪᠤᠡᠭ ᠲᠠᠯᠪᠢᠬᠤ ᠠᠷᠭ᠎ᠠ ᠶᠢ ᠠᠪᠴᠤ ᠲᠠᠬᠢᠨ ᠬᠠᠯᠳᠠᠪᠤᠷᠢᠯᠠᠬᠤ ᠠᠴᠠ ᠰᠡᠷᠭᠡᠶᠢᠯᠡᠨ᠎ᠡ᠃  ᠲᠠᠶᠢᠪᠤᠡᠭ ᠲᠠᠯᠪᠢᠬᠤ ᠬᠤᠭᠤᠴᠠᠭ᠎ᠠ ᠶᠢ ᠪᠤᠳᠠᠳᠤ ᠪᠠᠶᠢᠳᠠᠯ ᠢ ᠦᠵᠡᠵᠤ ᠲᠤᠬᠳᠠᠭᠠᠨ᠎ᠠ᠂  ᠰᠠᠯᠬᠢ ᠰᠠᠶᠢᠨ ᠨᠡᠪᠳᠡᠷᠡᠬᠦ ᠤᠷᠴᠢᠨ ᠳᠤ 7 ᠡᠳᠤᠷ ᠲᠠᠯᠪᠢᠪᠠᠯ ᠰᠠᠶᠢᠨ᠃          ᠠᠯᠪᠡᠨ ᠭᠡᠷ ᠢ ᠠᠷᠢᠭᠤᠳᠬᠠᠬᠤ ᠳᠤ ᠶᠠᠭᠤ ᠶᠢ ᠠᠩᠬᠠᠷᠬᠤ ᠪᠤᠢ︖           1. ᠠᠷᠭ᠎ᠠ ᠴᠢᠨᠠᠷᠳᠠᠢ ᠬᠦᠮᠤᠨ ᠢᠯᠡᠷᠡᠭᠰᠡᠨ ᠤ ᠲᠠᠷᠠᠭ᠎ᠠ ᠵᠦᠪ ᠠᠷᠭ᠎ᠠ ᠪᠠᠷ ᠠᠷᠢᠭᠤᠳᠬᠠᠬᠤ ᠨᠢ ᠮᠠᠰᠢ ᠴᠢᠬᠤᠯᠨ ᠶᠤᠮ᠂  ᠬᠡᠪᠡᠴᠤ ᠬᠡᠳᠤᠷᠡᠳᠡᠯ᠎ᠡ ᠠᠷᠢᠭᠤᠳᠬᠠᠵᠤ ᠪᠤᠯᠬᠤ ᠦᠭᠡᠢ᠃  ᠬᠢᠷᠢ ᠲᠡᠩᠴᠡᠭᠰᠡᠨ ᠦᠢᠯᠡᠳᠭᠦᠨ ᠢ ᠰᠤᠩᠭᠤᠬᠤ ᠶᠢᠨ ᠬᠠᠮᠳᠤ ᠲᠤᠳᠤᠷᠬᠠᠶᠢᠯᠡᠯᠳᠡ ᠶᠢᠨ ᠪᠢᠴᠢᠭ ᠤᠨ ᠶᠤᠰᠤᠭᠠᠷ ᠨᠡᠶᠢᠳᠡᠯᠡᠵᠤ᠂  ᠦᠳᠭᠡᠴᠨ ᠶᠢ ᠲᠤᠷ᠎ᠠ ᠪᠠᠷ ᠨᠡᠮᠡᠵᠤ ᠪᠤᠯᠬᠤ ᠦᠭᠡᠢ᠃  ᠬᠤᠳᠠᠯᠳᠤᠨ ᠠᠪᠬᠤ ᠠᠴᠠ ᠡᠮᠤᠨ᠎ᠡ  ︿ ᠪᠦᠬᠦ ᠤᠯᠤᠰ ᠤᠨ ᠠᠷᠢᠭᠤᠳᠬᠠᠬᠤ ᠦᠢᠯᠡᠳᠭᠦᠨ ᠤ ᠰᠦᠯᠵᠢᠶᠡᠨ ᠲᠡᠭᠡᠷ᠎ᠡ ᠲᠠᠩᠰᠠᠯᠠᠭᠤᠯᠤᠬᠰᠡᠨ ᠮᠡᠳᠡᠭᠡ ᠵᠠᠩᠬᠢ ᠶᠢᠨ ᠦᠢᠯᠡᠴᠢᠯᠡᠭᠡᠨ ᠤ ᠲᠠᠪᠴᠠᠩ﹀ ᠲᠡᠭᠡᠷ᠎ᠡ ᠠᠴᠠ ᠲᠠᠩᠰᠠᠯᠠᠭᠤᠯᠤᠬᠰᠡᠨ ᠦᠢᠯᠡᠳᠭᠦᠨ ᠢ ᠪᠠᠶᠢᠴᠠᠭᠠᠨ ᠯᠠᠪᠯᠠᠵᠤ ᠪᠤᠯᠤᠨ᠎ᠠ᠃           2. ᠠᠷᠢᠭᠤᠳᠬᠠᠬᠴᠢ ᠡᠳ᠋ ᠢ ᠨᠠᠶᠢᠷᠠᠭᠤᠯᠬᠤ ᠪᠡ ᠬᠡᠷᠡᠭᠯᠡᠬᠦ ᠳᠡᠭᠡᠨ ᠬᠤᠪᠢ ᠪᠡᠶ᠎ᠡ ᠶᠢᠨ ᠬᠠᠮᠠᠭᠠᠯᠠᠯᠳᠡ ᠪᠠᠨ ᠰᠠᠶᠢᠳᠤᠷ ᠬᠢᠵᠤ᠂  ᠠᠮᠠᠪᠴᠢ ᠪᠡ ᠪᠡᠭᠡᠯᠠᠢ ᠵᠡᠭᠦᠬᠦ ᠬᠡᠷᠡᠭᠳᠠᠢ᠃          3. ᠠᠷᠢᠭᠤᠳᠬᠠᠬᠴᠢ ᠡᠳ᠋ ᠢ ᠬᠠᠭᠤᠷᠠᠢ ᠰᠡᠭᠦᠳᠡᠷ ᠭᠠᠵᠠᠷ᠂  ᠰᠠᠯᠬᠢ ᠨᠡᠪᠳᠡᠷᠡᠬᠦ ᠤᠷᠴᠢᠨ ᠳᠤ ᠬᠠᠳᠠᠭᠠᠯᠠᠨ᠎ᠠ᠃          4. ᠾᠯᠤᠷ ᠠᠭᠤᠯᠤᠬᠰᠡᠨ ᠠᠷᠢᠭᠤᠳᠬᠠᠬᠴᠢ ᠡᠳ᠋᠂  ᠾᠯᠤᠷ ᠤᠨ ᠲᠠᠪᠬᠤᠷ ᠢᠰᠦᠯ ᠤᠨ ᠠᠷᠢᠭᠤᠳᠬᠠᠬᠴᠢ ᠡᠳ᠋ ᠵᠡᠷᠭᠡ ᠨᠢ ᠢᠳᠡᠭᠳᠡᠭᠦᠯᠬᠦ ᠴᠢᠨᠠᠷ ᠪᠡ ᠴᠠᠶᠢᠷᠠᠭᠤᠯᠬᠤ ᠦᠢᠯᠡᠳᠦᠯ ᠲᠠᠢ᠂  ᠢᠳᠡᠭᠳᠡᠯ ᠳᠤ ᠲᠠᠭᠠᠭᠠᠮᠠᠭᠠᠢ ᠪᠤᠰᠤ᠂  ᠦᠡᠭᠭᠡ ᠤᠨᠠᠬᠤ ᠠᠴᠠ ᠠᠶᠦᠬᠤ ᠡᠳ᠋ ᠪᠤᠳᠠᠰ ᠢ ᠠᠷᠢᠭᠤᠳᠬᠠᠬᠰᠡᠨ ᠤ ᠲᠠᠷᠠᠭ᠎ᠠ ᠲᠠᠬᠢᠨ ᠴᠡᠪᠡᠷ ᠤᠰᠤ ᠪᠠᠷ ᠤᠬᠢᠶᠠᠨ ᠴᠡᠪᠡᠷᠯᠡᠵᠤ᠂  ᠠᠷᠢᠭᠤᠳᠬᠠᠬᠴᠢ ᠡᠳ᠋ ᠤᠨ ᠦᠯᠡᠳᠡᠭᠳᠡᠯ ᠢ ᠠᠷᠢᠯᠭᠠᠬᠤ ᠬᠡᠷᠡᠭᠳᠠᠢ᠃          5. ᠠᠷᠢᠭᠤᠳᠬᠠᠬᠴᠢ ᠡᠳ᠋ ᠤᠨ ᠦᠳᠭᠡᠴᠨ ᠨᠢ ᠬᠡᠳᠤᠢ ᠦᠨᠳᠤᠷ ᠪᠤᠯ ᠲᠠᠳᠤᠢ ᠰᠠᠶᠢᠨ ᠭᠡᠰᠡᠨ ᠦᠢᠯᠠᠭᠠᠯᠳᠡ ᠪᠤᠯ ᠪᠤᠷᠤᠭᠤ᠂  ᠦᠳᠭᠡᠴᠨ ᠨᠢ ᠬᠡᠳᠤ ᠦᠨᠳᠤᠷ ᠪᠤᠯ ᠤᠷᠴᠢᠨ ᠲᠤᠭᠤᠷᠢᠨ ᠪᠡ ᠪᠤᠳᠠᠰ ᠢ ᠢᠳᠡᠭᠳᠡᠭᠦᠯᠵᠤ᠂  ᠪᠠᠰᠨ ᠬᠦᠷᠦᠯᠴᠡᠭᠰᠡᠳ ᠤᠨ ᠠᠮᠢᠰᠬᠤᠯ ᠤᠨ ᠵᠠᠮ ᠪᠡ ᠠᠷᠠᠰᠤᠨ ᠤ ᠬᠠᠷᠰᠢᠯᠡᠯ ᠢ ᠡᠭᠦᠰᠭᠡᠵᠤ ᠮᠡᠳᠡᠨ᠎ᠡ᠃   
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ