ᠤᠷᠳᠤᠰ ᠤᠨ ᠭᠡᠰᠡᠭ ᠲᠠᠬᠢ ᠬᠠᠳᠤᠨ ᠭᠤᠤᠯ ᠳᠤ ᠰᠦᠡᠭ ᠬᠠᠯᠢᠶ᠎ᠠ ᠤᠷᠤᠰᠴᠤ ᠡᠬᠢᠯᠡᠪᠡ
ᠨᠡᠶᠢᠲᠡᠯᠡᠭᠰᠡᠨ ᠴᠠᠭ᠄
2022/12/6
         ᠰᠤᠷᠪᠤᠯᠵᠢᠯᠠᠭᠴᠢ ᠬᠤᠲᠠ ᠶᠢᠨ ᠤᠰᠤᠨ ᠠᠰᠢᠭᠯᠠᠯᠲᠠ ᠶᠢᠨ ᠲᠣᠪᠴᠢᠶ᠎ᠠ ᠠᠴᠠ ᠣᠶᠢᠯᠠᠭᠠᠭᠰᠠᠨ ᠢᠶᠠᠷ᠂ ᠬᠦᠢᠲᠡᠨ ᠠᠭᠠᠷ ᠤᠨ ᠨᠦᠯᠤᠬᠡ ᠪᠠᠷ 11 ᠰᠠᠷ᠎ᠠ ᠶᠢᠨ 29 ᠤ ᠡᠳᠦᠷ ᠣᠷᠳᠣᠰ ᠤᠨ ᠬᠡᠰᠡᠭ ᠲᠠᠬᠢ ᠬᠠᠲᠤᠨ ᠭᠤᠣᠯ ᠳᠤ ᠰᠥᠩ ᠬᠠᠯᠢᠶ᠎ᠠ ᠡᠬᠢᠯᠡᠨ ᠤᠷᠤᠰᠴᠤ᠂ ᠨᠢᠳᠤᠨᠤᠨ ᠠᠴᠠ 7 ᠡᠳᠦᠷ ᠤᠷᠦ᠋ᠢᠳᠠᠭᠰᠠᠨ ᠪᠠᠶᠢᠨ᠎ᠠ᠃         ᠡᠭᠦᠨ ᠳᠤ ᠲᠡᠯᠡᠳ ᠬᠤᠰᠢᠭᠤᠨ ᠤ ᠬᠡᠰᠡᠭ ᠲᠠᠬᠢ ᠬᠠᠲᠤᠨ ᠭᠤᠣᠯ ᠤᠨ ᠪᠥᠬᠦ ᠱᠤᠭᠤᠮ ᠳᠤ ᠰᠥᠩ ᠬᠠᠯᠢᠶ᠎ᠠ ᠤᠷᠤᠰᠴᠤ᠂ ᠨᠢᠭᠲᠠᠴᠠ ᠨᠢ 5% — 30% ᠳᠤ ᠬᠦᠷᠴᠡᠢ᠃ ᠬᠠᠳᠤᠨ ᠭᠤᠤᠯ ᠤᠨ ᠬᠠᠩᠭᠢᠨ ᠬᠤᠰᠢᠭᠤᠨ ᠤ ᠪᠠᠯᠭᠤᠨ ᠪᠠᠯᠭᠠᠰᠤᠨ ᠤ ᠴᠤᠤ ᠺᠠᠢ ᠲᠣᠰᠬᠤᠨ ᠠᠴᠠ ᠲᠤᠭᠤᠶᠢᠳᠠᠯ᠎ᠠ ᠬᠦᠷᠬᠦ ᠬᠡᠰᠡᠭ ᠲᠤ ᠰᠥᠩ ᠬᠠᠯᠢᠶ᠎ᠠ ᠡᠬᠢᠯᠡᠨ ᠤᠷᠤᠰᠴᠤ᠂ ᠨᠢᠭᠲᠠᠴᠠ ᠨᠢ 5% — 50% ᠣᠷᠴᠢᠮ ᠳᠤ ᠬᠦᠷᠴᠡᠢ᠃        ᠮᠠᠨ ᠤ ᠬᠤᠲᠠ ᠶᠢᠨ ᠡᠯ᠎ᠡ ᠱᠠᠲᠤᠨ ᠤ ᠤᠰᠤᠨ ᠠᠰᠢᠭᠯᠠᠯᠲᠠ ᠶᠢᠨ ᠰᠠᠯᠠᠭ᠎ᠠ ᠮᠥᠴᠢᠷ᠎ᠡ ‍ᠨᠡ ᠵᠢᠯ ᠤᠨ ᠬᠠᠲᠤᠨ ᠭᠤᠣᠯ ᠤᠨ ᠰᠥᠩ ᠬᠠᠯᠢᠶ᠎ᠠ ᠶᠢᠨ ᠤᠰᠤᠨ ᠤ ᠲᠦᠪᠰᠢᠨ ᠦᠨᠳᠦᠷ ᠪᠢᠰᠢ᠂ ᠤᠷᠤᠰᠬᠠᠯ ᠨᠢ ᠶᠡᠭᠡ ᠪᠢᠰᠢ᠂ ᠬᠤᠪᠬᠢᠯ ᠳᠠᠬᠢ ᠤᠰᠤᠨ ᠤ ᠬᠡᠮᠵᠢᠶ᠎ᠠ ᠪᠠᠭ᠎ᠠ ᠵᠢᠴᠢ ᠠᠭᠠᠷ ᠤᠨ ᠲᠤᠯᠠᠭᠠᠨ ᠭᠡᠨᠡᠳᠳᠡ ᠪᠠᠭᠤᠷᠠᠭᠰᠠᠨ ᠵᠡᠷᠭᠡ ᠪᠠᠶᠢᠳᠠᠯ ᠲᠠᠢ ᠤᠶᠠᠯᠳᠤᠭᠤᠯᠤᠨ᠂ ᠰᠥᠩ ᠬᠠᠯᠢᠶ᠎ᠠ ᠶᠢ ᠰᠡᠷᠭᠡᠶᠢᠯᠡᠬᠦ ᠠᠵᠢᠯ ᠢ ᠰᠠᠶᠢᠳᠤᠷ ᠬᠢᠵᠤ᠂ ᠬᠠᠳᠤᠨ ᠭᠤᠤᠯ ᠤᠨ ᠠᠮᠦᠷ ᠲᠦᠪᠰᠢᠨ ᠬᠦᠯᠳᠡᠬᠦ ᠶᠢ ᠪᠠᠳᠤᠯᠠᠵᠤ ᠪᠠᠶᠢᠨ᠎ᠠ᠃  

12.1.1.jpg

12.1.2.jpg

 

ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ