ᠵᠠᠯᠠᠭᠤᠴᠣᠳ ᠤᠨ ᠰᠡᠪᠬᠡᠨ ᠤ ᠸᠠᠺᠼᠢᠨ ᠭᠠᠷᠴᠤ ᠢᠷᠡᠵᠠᠢ
ᠨᠡᠶᠢᠲᠡᠯᠡᠭᠰᠡᠨ ᠴᠠᠭ᠄
2022/2/16
   ᠵᠠᠯᠠᠭᠤᠴᠣᠳ ᠤᠨ ᠰᠡᠪᠬᠡᠨ ᠤ ᠸᠠᠺᠼᠢᠨ ᠭᠠᠷᠴᠤ ᠢᠷᠡᠵᠠᠢ ᠣᠶᠢᠷ᠎ᠠ ᠳᠤ᠂ ᠰᠡᠪᠬᠡᠨ ᠤ ᠸᠠᠺᠼᠢᠨ ᠲᠠᠢ ᠪᠣᠯᠤᠭᠰᠠᠨ ᠮᠡᠳᠡᠭᠡ ᠪᠢᠴᠢᠯ ᠪᠦᠷᠭᠡ ᠪᠠᠷ ᠲᠠᠮᠵᠢᠭᠳᠠᠵᠤ᠂ ᠮᠠᠰᠢ ᠣᠯᠠᠨ ᠰᠦᠯᠵᠢᠶᠡᠨ ᠤ ᠨᠠᠶᠢᠵᠠ ᠨᠠᠷ ᠤᠨ ᠰᠣᠨᠢᠷᠬᠠᠯ ᠢ ᠲᠠᠲᠠᠪᠠ᠃ 2011 ᠣᠨ ᠳᠤ᠂ ᠹᠷᠠᠨᠼᠢ ᠶᠢᠨ ᠡᠮ ᠦᠢᠯᠡᠳᠬᠦ ᠠᠵᠤ ᠠᠬᠤᠶᠢᠯᠠᠯ ᠰᠠᠶᠢᠨᠤᠹᠧᠢ — ᠪᠠᠰᠳ᠋ ᠪᠣᠯᠤᠨ ᠠᠮᠧᠷᠢᠺᠠ ᠶᠢᠨ ᠺᠠᠯᠢᠹᠤᠷᠨᠢᠶ᠎ᠠ ᠶᠡᠭᠡ ᠰᠤᠷᠭᠠᠭᠤᠯᠢ ᠶᠢᠨ ᠰᠢᠨᠵᠢᠯᠡᠬᠦ ᠤᠬᠠᠭᠠᠨᠲᠠᠨ ᠳᠠᠷᠤᠶ ᠵᠠᠯᠠᠭᠤᠴᠣᠳ ᠤᠨ ᠰᠡᠪᠬᠡ ᠶᠢ ᠡᠮᠴᠢᠯᠡᠬᠦ ᠲᠣᠬᠠᠢ ᠬᠠᠮᠲᠤᠷᠠᠨ ᠰᠣᠳᠣᠯᠬᠤ ᠪᠠᠷ ᠵᠠᠷᠯᠠᠪᠠ᠃ ᠮᠡᠳᠡᠭᠡᠯᠡᠯ ᠢ ᠦᠨᠳᠦᠰᠦᠯᠡᠪᠡᠯ᠂ ᠵᠢᠱᠢᠯᠲᠡ ᠪᠠᠷ ᠸᠠᠺᠼᠢᠨ ᠢ 2023 ᠣᠨ ᠳᠤ ᠡᠮᠴᠢᠯᠡᠭᠡᠨ ᠳᠤ ᠬᠡᠷᠡᠭᠯᠡᠬᠦ ᠪᠠᠷ ᠪᠠᠶᠢᠨ᠎ᠠ᠃     ᠵᠠᠯᠠᠭᠤᠴᠣᠳ ᠤᠨ ᠰᠡᠪᠬᠡᠨ ᠤ ᠸᠠᠺᠼᠢᠨ ᠢ ᠰᠤᠳᠣᠯᠬᠤ ᠳᠤ ᠶᠠᠭᠤ ᠪᠠᠷ ᠦᠨᠳᠦᠰᠦᠯᠡᠯ ᠪᠣᠯᠭᠠᠭᠰᠠᠨ ᠪᠣᠢ︖ ᠰᠡᠪᠬᠡ ᠨᠢ ᠣᠯᠠᠩᠬᠢ ᠨᠢ ᠵᠠᠯᠠᠭᠤ ᠨᠠᠰᠤᠨ ᠤ ᠦᠶ᠎ᠡ ᠳᠤ ᠡᠭᠦᠰᠳᠡᠭ᠂ ᠡᠶᠢᠮᠦ ᠠᠴᠠ ︽ᠵᠠᠯᠠᠭᠤ ᠨᠠᠰᠤᠨ ᠤ ᠰᠡᠪᠬᠡ︾ ᠭᠡᠳᠡᠭ᠃ ᠰᠡᠪᠬᠡ ᠭᠠᠷᠬᠤ ᠨᠢ ᠦᠰᠦᠨ ᠤ ᠠᠷᠠᠰᠤᠨ ᠤ ᠥᠭᠡᠬᠦᠨ ᠪᠤᠯᠴᠢᠷᠬᠠᠶ ᠶᠢᠨ ᠳᠠᠮᠵᠢᠭᠤᠯᠬᠤ ᠴᠣᠷᠭᠤ ᠪᠥᠭᠯᠡᠷᠡᠬᠦ᠂ ᠠᠷᠠᠰᠤᠨ ᠤ ᠥᠭᠡᠬᠦᠨ ᠤ ᠰᠢᠭᠦᠷᠡᠯᠲᠡ ᠨᠡᠮᠡᠭᠳᠡᠬᠦ᠂ ᠪᠠᠺᠲ᠋ᠧᠷᠢ ᠬᠠᠯᠳᠠᠪᠤᠷᠢᠯᠠᠬᠤ ᠵᠡᠷᠭᠡ ᠠᠴᠠ ᠪᠣᠯᠤᠭᠰᠠᠨ ᠦᠷᠪᠢᠰᠦᠯ ᠤᠨ ᠲᠤᠰᠬᠠᠯ ᠲᠠᠢ ᠨᠢᠭᠲᠠ ᠬᠠᠷᠢᠴᠠᠭ᠎ᠠ ᠲᠠᠢ ᠪᠠᠶᠢᠳᠠᠭ᠃ ᠡᠭᠦᠨ ᠳᠤ ᠪᠠᠺᠲ᠋ᠧᠷᠢ ᠶᠢᠨ ᠬᠠᠯᠳᠠᠪᠤᠷᠢᠯᠠᠯ ᠭᠡᠳᠡᠭ ᠨᠢ ᠭᠤᠣᠯᠳᠠᠭᠤ ᠫᠷᠣᠫᠠ ᠬᠦᠴᠢᠯ ᠤᠨ ᠰᠠᠪᠬᠠᠨ ᠪᠠᠺᠲ᠋ᠧᠷᠢ ᠶᠢᠨ ᠬᠠᠯᠳᠠᠪᠤᠷᠢᠯᠠᠯ ᠢ ᠵᠢᠭᠠᠵᠤ ᠪᠠᠶᠢᠨ᠎ᠠ᠃ ᠲᠤᠰ ᠤᠳᠠᠭᠠᠨ ᠤ ᠮᠡᠳᠡᠭᠡᠯᠡᠭᠰᠡᠨ ︽ᠰᠡᠪᠬᠡ ᠶᠢᠨ ᠸᠠᠺᠼᠢᠨ︾ ᠨᠢ ᠫᠷᠣᠫᠠ ᠬᠦᠴᠢᠯ ᠤᠨ ᠰᠠᠪᠬᠠᠨ ᠪᠠᠺᠲ᠋ᠧᠷᠢ ᠶᠢᠨ ᠬᠠᠯᠳᠠᠪᠤᠷᠢᠯᠠᠯ ᠢ ᠬᠤᠷᠢᠭᠯᠠᠬᠤ ᠪᠠᠷ ᠳᠠᠮᠵᠢᠨ ᠰᠡᠪᠬᠡ ᠭᠠᠷᠬᠤ ᠶᠢ ᠤᠷᠢᠳᠴᠢᠯᠠᠨ ᠰᠡᠷᠭᠡᠶᠢᠯᠡᠬᠦ ᠦᠢᠯᠡᠳᠦᠯ ᠭᠠᠷᠭᠠᠳᠠᠭ᠃ ᠪᠣᠳᠠᠲᠠᠶ ᠪᠠᠷ ᠬᠡᠯᠡᠪᠡᠯ᠂ ᠫᠷᠣᠫᠠ ᠬᠦᠴᠢᠯ ᠤᠨ ᠰᠠᠪᠬᠠᠨ ᠪᠠᠺᠲ᠋ᠧᠷᠢ ᠨᠢ ᠨᠢᠭᠡ ᠵᠦᠶ᠋ᠯ ᠤᠨ Christie -Atkins - Munch - Peterson ︵CAMP︶ ᠭᠡᠳᠡᠭ ᠬᠤᠤᠷᠠᠲᠤ ᠬᠦᠴᠦᠨ ᠤ ᠹᠠᠺᠲ᠋ᠤᠷ ᠢ ᠰᠢᠭᠦᠷᠡᠭᠦᠯᠳᠡᠭ᠂ ᠲᠡᠷᠡ ᠨᠢ ᠦᠰᠦᠨ ᠤ ᠠᠷᠠᠰᠤ ᠵᠢᠴᠢ ᠡᠷᠬᠢᠨ ᠲᠣᠭᠤᠷᠢᠨ ᠳᠤ ᠰᠡᠳᠦᠯᠲᠡ ᠥᠭᠴᠦ ᠦᠷᠪᠢᠰᠦᠯ ᠡᠭᠦᠰᠭᠡᠳᠡᠭ᠃ ᠰᠡᠪᠬᠡ ᠶᠢᠨ ᠸᠠᠺᠼᠢᠨ ᠳᠣᠲᠣᠷ᠎ᠠ CAMP ᠠᠭᠤᠯᠤᠭᠰᠠᠨ ᠳᠠᠩ ᠺᠯᠤᠨᠳᠤ ᠠᠨᠲ᠋ᠢᠪᠤᠳᠢ ᠪᠠᠶᠢᠵᠤ᠂ ᠪᠢᠴᠢᠯ ᠲᠠᠷᠢᠯᠭ᠎ᠠ ᠶᠢᠨ ᠪᠠᠭᠠᠵᠢ ᠪᠠᠷ ᠲᠡᠭᠦᠨ ᠤ ᠬᠡᠰᠡᠭ ᠭᠠᠵᠠᠷ ᠢ ᠡᠪᠡᠳᠴᠢᠲᠡᠨ ᠤ ᠠᠷᠠᠰᠤᠨ ᠳᠤ ᠵᠡᠭᠦᠯᠡᠪᠡᠯ ᠬᠤᠣᠷᠲᠤ ᠰᠡᠪᠬᠡ ᠶᠢᠨ ᠫᠷᠣᠫᠠ ᠬᠦᠴᠢᠯ ᠤᠨ ᠰᠠᠪᠬᠠᠨ ᠪᠠᠺᠲ᠋ᠧᠷᠢ ᠶᠢᠨ ᠦᠷᠡᠵᠢᠬᠦ ᠶᠢ ᠬᠤᠷᠢᠭᠯᠠᠵᠤ᠂ ᠰᠡᠪᠬᠡ ᠡᠭᠦᠰᠬᠦ ᠶᠢ ᠪᠠᠭᠠᠰᠬᠠᠬᠤ ᠦᠢᠯᠡᠳᠦᠯ ᠲᠠᠢ ᠪᠠᠶᠢᠳᠠᠭ᠃     ᠰᠡᠪᠬᠡ ᠶᠢᠨ ᠸᠠᠺᠽᠢᠨ ᠦᠨᠡᠬᠡᠷ ᠰᠡᠪᠬᠡ ᠶᠢ ᠰᠡᠷᠭᠡᠶᠢᠯᠡᠵᠦ ᠴᠢᠳᠠᠨ᠎ᠠ ᠤᠤ︖     ᠣᠳᠣᠬᠠᠨ ᠳᠤ᠂ ᠣᠨᠣᠯ ᠤᠨ ᠲᠠᠯ᠎ᠠ ᠠᠴᠠ ᠠᠪᠴᠤ ᠦᠵᠡᠪᠡᠯ᠂ ᠲᠡᠷᠡ ᠨᠢ ᠪᠣᠯᠤᠮᠵᠢᠲᠤ ᠴᠢᠨᠠᠷ ᠢ ᠪᠦᠷᠢᠯᠳᠦᠭᠦᠯᠦᠭᠰᠡᠨ ᠪᠠᠶᠢᠳᠠᠭ᠂ ᠭᠡᠪᠡᠴᠦ ᠰᠡᠪᠬᠡ ᠡᠭᠦᠰᠬᠦ ᠰᠢᠯᠲᠠᠭᠠᠨ ᠨᠢ ᠪᠤᠳᠤᠯᠢᠶᠠᠨᠲᠠᠶ ᠪᠥᠭᠡᠳ ᠫᠷᠣᠫᠠ ᠬᠦᠴᠢᠯ  ᠤᠨ ᠰᠠᠪᠬᠠᠨ ᠪᠠᠺᠲ᠋ᠧᠷᠢ ᠶᠢᠨ ᠲᠥᠷᠥᠯ ᠵᠦᠶ᠋ᠯ ᠨᠢ ᠣᠯᠠᠨ ᠪᠠᠶᠢᠳᠠᠭ ᠣᠴᠢᠷ ᠠᠴᠠ ᠲᠡᠷᠡ ᠨᠢ ᠰᠡᠪᠬᠡ ᠡᠭᠦᠰᠬᠦ ᠶᠢ ᠵᠥᠪᠬᠡᠨ ᠵᠣᠬᠢᠬᠤ ᠬᠡᠮᠵᠢᠶᠡᠨ ᠳᠡᠭᠡᠷ᠎ᠡ ᠪᠠᠭᠠᠰᠬᠠᠵᠤ ᠴᠢᠲᠠᠨ᠎ᠠ᠂ ᠬᠠᠷᠢᠴᠠᠯᠠᠰᠢ ᠥᠬᠡᠶ ᠤᠷᠢᠳᠴᠢᠯᠠᠨ ᠰᠡᠷᠭᠡᠶᠢᠯᠡᠬᠦ ᠪᠤᠶᠤ ᠦᠨᠳᠦᠰᠦᠨ ᠠᠴᠠ ᠨᠢ ᠵᠠᠰᠠᠵᠤ ᠳᠡᠶᠢᠯᠬᠦ ᠥᠬᠡᠶ᠃ ᠸᠠᠺᠼᠢᠨ ᠨᠢ ᠭᠤᠤᠯᠳᠠᠭᠤ ᠰᠡᠷᠭᠡᠶᠢᠯᠡᠬᠦ ᠦᠶ᠋ᠯᠡᠳᠦᠯ ᠲᠠᠢ᠂ ᠡᠶᠢᠮᠦ ᠠᠴᠠ ᠥᠰᠪᠦᠷᠢ ᠴᠠᠭ ᠲᠤ ᠲᠠᠷᠢᠯᠭ᠎ᠠ ᠬᠢᠪᠠᠯ ᠦᠷ᠎ᠡ ᠳ᠋ᠦᠩ ᠨᠢ ᠬᠠᠮᠤᠭ ᠰᠠᠶᠢᠨ ᠪᠠᠶᠢᠳᠠᠭ᠃ ᠬᠡᠯᠡᠯᠭᠡᠨ ᠦᠭᠡᠢ᠂ ᠭᠠᠭᠴᠠ ᠬᠦ ᠥᠰᠪᠦᠷᠢ ᠦᠶ᠎ᠡ ᠶᠢᠨ ᠬᠥᠮᠦᠨ ᠳᠤ ᠸᠠᠺᠼᠢᠨ ᠲᠠᠷᠢᠪᠠᠯ ᠰᠠᠶ᠋ᠢ ᠦᠷ᠎ᠡ ᠳ᠋ᠦᠩ ᠲᠠᠢ ᠪᠢᠰᠢ᠃ ᠡᠨᠡ ᠲᠥᠷᠥᠯ ᠤᠨ ᠰᠡᠪᠬᠡ ᠶᠢ ︽ᠵᠠᠯᠠᠭᠤᠴᠣᠳ ᠤᠨ ᠰᠡᠪᠬᠡ︾ ᠭᠡᠳᠡᠭ ᠤᠴᠢᠷ ᠨᠢ ᠡᠶᠢᠮᠦᠷᠬᠦᠦ ᠰᠡᠪᠬᠡ ᠨᠢ᠂ ᠥᠰᠪᠦᠷᠢ ᠦᠶ᠎ᠡ ᠶᠢᠨ ᠬᠤᠷᠮᠣᠨ ᠤ ᠲᠦᠪᠰᠢᠨ ᠥᠨᠳᠥᠷ᠂ ᠠᠷᠠᠰᠤᠨ ᠤ ᠥᠭᠡᠬᠦᠨ ᠪᠤᠯᠴᠢᠷᠬᠠᠢ ᠶᠢᠨ ᠰᠢᠭᠦᠷᠡᠯᠲᠡ ᠬᠥᠭᠵᠢᠩᠭᠦᠢ᠂ ᠰᠡᠪᠬᠡ ᠠᠮᠠᠷᠬᠠᠨ ᠭᠠᠷᠬᠤ ᠬᠤᠭᠤᠴᠠᠭ᠎ᠠ ᠪᠣᠯᠪᠠᠴᠤ ᠦᠨᠡᠨ ᠳᠡᠭᠡᠨ ︽ᠰᠡᠪᠬᠡ︾ ᠨᠢ ᠶᠠᠮᠠᠷᠪᠠ ᠨᠠᠰᠤᠨ ᠳᠤ ᠡᠭᠦᠰᠳᠡᠭ ᠠᠴᠠ ᠪᠣᠯᠤᠭᠰᠠᠨ ᠶᠤᠮ᠃ ᠣᠯᠠᠩᠬᠢ ᠨᠠᠰᠤᠨ ᠳᠤ ᠬᠦᠷᠦᠭᠰᠡᠳ ᠠᠮᠢᠳᠤᠷᠠᠯ ᠨᠢ ᠡᠮᠬᠢ ᠵᠢᠷᠤᠮ ᠦᠭᠡᠢ᠂ ᠳᠠᠷᠤᠯᠲᠠ ᠶᠡᠭᠡ ᠪᠤᠶᠤ ᠤᠷᠲᠤ ᠬᠤᠭᠤᠴᠠᠭ᠎ᠠ ᠰᠥᠨᠢᠵᠢᠨ ᠰᠠᠭᠤᠬᠤ ᠵᠡᠷᠭᠡ ᠰᠢᠯᠲᠠᠭᠠᠨ ᠠᠴᠠ ᠠᠮᠠᠷᠬᠠᠨ ᠰᠡᠪᠬᠡ ᠭᠠᠷᠳᠠᠭ᠃ ᠨᠠᠰᠤᠨ ᠳᠤ ᠬᠦᠷᠦᠭᠰᠡᠳ ᠪᠠᠰᠠ ᠸᠠᠺᠼᠢᠨ ᠳᠠᠷᠢᠬᠤ ᠪᠠᠷ ᠳᠡᠮᠵᠢᠨ ᠤᠷᠢᠳᠴᠢᠯᠠᠨ ᠰᠡᠷᠭᠡᠶᠢᠯᠡᠯᠲᠡ ᠬᠢᠵᠦ ᠪᠣᠯᠤᠨ᠎ᠠ᠃    
ᠢᠷᠡᠯᠲᠡ᠄ ᠰᠢᠯᠢ ᠶᠢᠨ ᠭᠤᠣᠯ ᠠᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ