ᠱᠦᠬᠦᠷᠳᠡᠯᠭᠡ ᠴᠡᠪᠡᠷᠯᠡᠭᠡ ᠬᠢᠬᠦ ᠳᠡᠭᠡᠨ ᠲᠤᠤᠷᠠᠬᠢ ᠭᠡᠳᠤᠨ ᠵᠦᠢᠯ ᠢ ᠮᠡᠳᠡᠬᠦ ᠬᠡᠷᠡᠭᠳᠠᠢ
ᠨᠡᠶᠢᠲᠡᠯᠡᠭᠰᠡᠨ ᠴᠠᠭ᠄
2022/2/22
                        1. ᠠᠷᠢᠭᠤᠳᠬᠠᠯ ᠬᠢᠬᠦ ᠪᠤᠯ ᠸᠢᠷᠦ᠋ᠰ ᠤᠨ ᠲᠠᠷᠬᠠᠯᠳᠡ ᠶᠢ ᠲᠠᠰᠤᠯᠬᠤ ᠪᠦᠳᠦᠮᠵᠢᠳᠠᠢ ᠠᠷᠭ᠎ᠠ ᠶᠢᠨ ᠨᠢᠭᠡ ᠪᠤᠯᠤᠨ᠎ᠠ᠃  ᠬᠡᠪᠡᠴᠤ ᠵᠦᠢ ᠵᠤᠬᠢᠰ ᠦᠭᠡᠢ ᠠᠷᠢᠭᠤᠳᠬᠠᠬᠤ ᠠᠷᠭ᠎ᠠ ᠨᠢ ᠸᠢᠷᠦ᠋ᠰ ᠢ ᠠᠯᠠᠵᠤ ᠲᠡᠶᠢᠯᠬᠦ ᠦᠭᠡᠢ ᠮᠦᠷᠳᠡᠭᠡᠨ ᠭᠡᠳᠡᠷᠬᠦ ᠪᠠᠨ ᠬᠦᠮᠤᠨ ᠤ ᠪᠡᠶ᠎ᠡ ᠮᠠᠬᠠᠪᠤᠳ ᠪᠤᠶᠤ ᠤᠷᠴᠢᠨ ᠲᠤᠭᠤᠷᠢᠨ ᠳᠤ ᠬᠤᠤᠷ ᠬᠦᠨᠦᠭᠡᠯ ᠤᠴᠠᠷᠠᠭᠤᠯᠵᠤ ᠮᠡᠳᠡᠬᠦ ᠶᠤᠮ᠃  ᠭᠡᠷ ᠬᠦᠷᠢᠶ᠎ᠡ ᠶᠢᠨ ᠱᠦᠬᠦᠷᠳᠡᠯᠭᠡ ᠴᠡᠪᠡᠷᠯᠡᠭᠡ ᠨᠢ ᠪᠤᠬᠢᠷ ᠪᠤᠷᠳᠠᠰ ᠢ ᠠᠷᠢᠯᠭᠠᠵᠤ ᠴᠡᠪᠡᠷᠯᠡᠬᠦ ᠪᠠᠷ ᠭᠤᠤᠯᠯᠠᠵᠤ᠂ ᠠᠷᠢᠭᠤᠳᠬᠠᠬᠤ ᠪᠠᠷ ᠬᠠᠪᠰᠤᠷᠤᠮᠵᠢ ᠪᠤᠯᠭᠠᠳᠠᠭ᠃         2. ᠬᠢᠷᠢ  ᠲᠡᠩᠴᠡᠭᠰᠡᠨ ᠠᠷᠢᠭᠤᠳᠬᠠᠬᠤ ᠦᠢᠯᠡᠳᠭᠦᠨ ᠢ ᠰᠤᠩᠭᠤᠵᠤ᠂  ᠵᠠᠬ᠎ᠠ ᠲᠡᠯᠭᠡᠭᠦᠷ ᠲᠤ ᠪᠤᠷᠤᠯᠠᠭᠤᠯᠵᠤ ᠪᠠᠶᠢᠭ᠎ᠠ ᠠᠷᠢᠭᠤᠳᠬᠠᠬᠤ ᠡᠳ᠋ ᠢ ᠲᠤᠳᠤᠷᠬᠠᠶᠢᠯᠠᠯᠳᠡ ᠶᠢᠨ ᠪᠢᠴᠢᠭ ᠶᠤᠰᠤᠭᠠᠷ ᠰᠢᠩᠭᠡᠷᠡᠭᠦᠯᠦᠭᠰᠡᠨ ᠤ ᠲᠠᠷᠠᠭ᠎ᠠ ᠬᠡᠷᠡᠭᠯᠡᠨ᠎ᠡ᠃ ᠠᠷᠢᠭᠤᠳᠬᠠᠯ ᠬᠢᠬᠦ ᠳᠤ 75% ᠶᠢᠨ ᠦᠳᠭᠡᠴᠨ ᠲᠠᠢ ᠰᠫᠢᠷᠲ ᠢ ᠬᠡᠷᠡᠭᠯᠡᠪᠡᠯ ᠵᠤᠬᠢᠨ᠎ᠠ᠃ ᠠᠷᠢᠭᠤᠳᠬᠠᠬᠤ ᠴᠢᠳᠠᠮᠵᠢ ᠪᠠᠷ ᠰᠠᠶᠢᠨ ᠠᠷᠢᠭᠤᠳᠬᠠᠬᠤ ᠰᠢᠩᠭᠡᠨ ᠨᠢ ᠶᠡᠷᠤ ᠳᠡᠭᠡᠨ ᠮᠠᠰᠢ ᠴᠢᠩᠭ᠎ᠠ ᠰᠡᠳᠤᠯᠳᠡ ᠶᠢᠨ ᠴᠢᠨᠠᠷᠳᠠᠢ ᠪᠠᠶᠢᠳᠠᠭ᠃       3. ᠭᠠᠳᠠᠬᠰᠢ ᠭᠠᠷᠤᠭᠠᠳ ᠭᠡᠷ ᠲᠡᠭᠡᠨ ᠬᠠᠷᠢᠬᠰᠡᠨ ᠤ ᠲᠠᠷᠠᠭ᠎ᠠ ᠲᠡᠷᠨ ᠲᠠᠷᠤᠢ ᠳᠤᠨᠢ ᠭᠠᠷ ᠢᠶᠠᠨ ᠤᠬᠢᠶᠠᠬᠤ ᠬᠡᠷᠡᠭᠳᠠᠢ᠂ ᠭᠡᠬᠦ ᠳᠡᠭᠡᠨ ᠵᠦᠪ ᠵᠤᠬᠢᠶᠠᠬᠤ ᠠᠷᠭ᠎ᠠ  ᠶᠢ ᠰᠤᠷᠬᠤ ᠴᠢᠬᠤᠯᠠᠳᠠᠢ᠃  ᠭᠠᠷ ᠢᠶᠠᠨ ᠠᠷᠢᠭᠤᠳᠬᠠᠬᠤ ᠳᠤ ᠠᠯᠺᠤᠤᠯ ᠤᠨ ᠲᠦᠷᠦᠯ ᠪᠤᠶᠤ ᠲᠦᠳᠦᠭᠡᠷ ᠠᠮᠮᠤᠨᠢ ᠲᠠᠪᠤᠰᠤᠨ ᠤ ᠲᠦᠷᠦᠯ ᠤᠨ ᠪᠦᠳᠦᠭᠡᠭᠳᠡᠭᠦᠨ ᠢ ᠰᠤᠩᠭᠤᠵᠤ ᠪᠤᠯᠤᠨ᠎ᠠ᠃  ᠬᠡᠷᠪᠡ ᠲᠠᠮᠢ ᠴᠤ ᠭᠬᠢᠷ ᠪᠤᠷᠳᠠᠭ ᠦᠭᠡᠢ ᠪᠤᠯ ᠭᠠᠷ ᠢᠶᠠᠨ ᠠᠷᠢᠭᠤᠳᠬᠠᠬᠤ ᠰᠢᠩᠭᠡᠨ ᠢᠶᠠᠷ 20 — 30 ᠰᠧᠺᠦ᠋ᠨ᠋ᠲ ᠨᠤᠬᠤᠯᠠᠪᠠᠯ ᠪᠤᠯᠴᠢᠬᠠᠨ᠎ᠠ᠃        4. ᠭᠡᠷ ᠲᠤᠳᠤᠷ᠎ᠠ ᠰᠠᠯᠬᠢ ᠨᠡᠪᠳᠡᠷᠡᠭᠦᠯᠬᠦ ᠪᠡ ᠤᠷᠴᠢᠨ ᠲᠤᠭᠤᠷᠢᠨ ᠤ ᠠᠷᠢᠭᠤᠨ ᠴᠡᠪᠡᠷ ᠢ ᠪᠠᠳᠤᠯᠠᠬᠤ ᠶᠢ ᠰᠠᠨᠠᠭᠤᠯᠤᠶ᠎ᠠ᠃  ᠡᠳᠤᠷ ᠪᠦᠷᠢ 2 — 3 ᠤᠳᠠᠭ᠎ᠠ ᠡᠭᠦᠳᠡ ᠴᠤᠩᠬᠤ ᠪᠠᠨ ᠨᠡᠭᠡᠭᠡᠨ ᠰᠠᠯᠬᠢ ᠨᠡᠪᠳᠡᠷᠡᠭᠦᠯᠵᠤ᠂ ᠤᠳᠠᠭ᠎ᠠ ᠪᠦᠷᠢ ᠨᠠᠭᠠᠳᠤ ᠵᠠᠬ᠎ᠠ ᠳᠠᠭᠠᠨ 30 ᠮᠢᠨᠦ᠋ᠲ ᠨᠡᠭᠡᠭᠡᠬᠦ ᠬᠡᠷᠡᠭᠳᠠᠢ᠃  ᠭᠡᠷ ᠲᠤᠳᠤᠷ᠎ᠠ ᠰᠫᠢᠷᠲ ᠬᠡᠷᠡᠭᠯᠡᠬᠦ ᠳᠡᠭᠡᠨ ᠰᠦᠷᠴᠢᠨ ᠠᠷᠢᠭᠤᠳᠬᠠᠬᠤ ᠠᠷᠭ᠎ᠠ ᠶᠢ ᠬᠡᠷᠡᠭᠯᠡᠭᠰᠡᠨ ᠠᠴᠠ ᠪᠤᠯᠤᠭᠠᠳ ᠭᠠᠯ ᠤᠨ ᠠᠶᠦᠯ ᠭᠠᠷᠬᠤ ᠠᠴᠠ ᠰᠡᠷᠭᠡᠶᠢᠯᠡᠭᠡᠷᠡᠢ᠃       5. ᠴᠠᠬᠢᠯᠭᠠᠨ ᠬᠡᠷᠡᠭᠰᠡᠯ ᠤᠨ ᠭᠠᠳᠠᠷᠭᠤ ᠶᠢ ᠠᠷᠢᠭᠤᠳᠬᠠᠬᠤ ᠳᠤ ᠤᠷᠢᠳ ᠢᠶᠠᠷ ᠴᠠᠬᠢᠯᠭᠠᠨ ᠠᠴᠠ ᠰᠠᠯᠭᠠᠵᠤ᠂  ᠬᠦᠷᠦᠭᠰᠡᠨ ᠤ ᠬᠢᠨᠢ ᠲᠠᠷᠠᠭ᠎ᠠ ᠰᠠᠶ᠋ᠢ ᠠᠷᠢᠭᠤᠳᠬᠠᠯ ᠬᠢᠨ᠎ᠡ᠂  ᠡᠰᠡ ᠲᠡᠭᠡᠪᠡᠯ ᠭᠠᠯ ᠭᠠᠷᠬᠤ᠂  ᠡᠰᠡᠭᠦᠯ᠎ᠡ ᠲᠠᠯᠪᠡᠷᠡᠬᠦ ᠠᠶᠦᠯ ᠲᠠᠢ᠃  ᠡᠳᠤᠷ ᠲᠤᠳᠤᠮ ᠤᠨ ᠲᠡᠮᠦᠷᠯᠢᠭ ᠭᠡᠷᠡᠭᠰᠡᠯ ᠢ ᠰᠫᠢᠷᠲ ᠲᠠᠢ ᠬᠦᠪᠤᠡᠭ᠂  ᠠᠷᠢᠭᠤᠳᠬᠠᠬᠤ ᠨᠤᠶᠢᠳᠡᠨ ᠠᠯᠴᠢᠭᠤᠷ ᠵᠡᠷᠭᠡ ᠪᠠᠷ ᠠᠷᠴᠢᠵᠤ ᠠᠷᠢᠭᠤᠳᠬᠠᠨ᠎ᠠ᠃      6. ᠠᠶᠠᠭ᠎ᠠ ᠰᠠᠪᠬ᠎ᠠ ᠫᠢᠯᠨ ᠲᠠᠪᠠᠭ ᠵᠡᠷᠭᠡ ᠬᠡᠷᠡᠭᠰᠡᠯ ᠢ 10 ᠮᠢᠨᠦ᠋ᠲ ᠪᠤᠴᠠᠯᠤᠬᠰᠡᠨ ᠤᠰᠤ ᠪᠠᠷ ᠠᠷᠢᠭᠤᠳᠬᠠᠵᠤ ᠪᠤᠯᠤᠨ᠎ᠠ᠂  ᠭᠡᠬᠦ  ᠳᠡᠭᠡᠨ ᠵᠡᠪᠡᠯ ᠪᠤᠴᠠᠯᠤᠬᠰᠡᠨ ᠤᠰᠤᠨ ᠳᠤ ᠪᠦᠬᠦᠨ ᠢ ᠲᠡᠪᠳᠦᠭᠡᠬᠦ ᠬᠡᠷᠡᠭᠳᠠᠢ᠃  ᠤᠬᠢᠶᠠᠵᠤ ᠠᠷᠢᠭᠤᠳᠬᠠᠬᠰᠡᠨ ᠤ ᠲᠠᠷᠠᠭ᠎ᠠ ᠬᠠᠳᠠᠭᠠᠯᠠᠬᠤ  ᠳᠠᠭᠠᠨ ᠬᠠᠭᠤᠷᠠᠢ ᠪᠠᠶᠢᠯᠭᠠᠬᠤ ᠶᠢ ᠠᠩᠬᠠᠷᠬᠤ ᠬᠡᠷᠡᠭᠳᠠᠢ᠃   
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ