ᠡᠷᠳᠡ ᠤᠷᠢᠳᠤ ᠶᠢᠨ ᠪᠤᠭᠳᠠ ᠡᠷᠳᠡᠮᠳᠡᠨ ᠠᠴᠠ ᠵᠢᠷᠮᠤᠰᠦᠯᠡᠭᠰᠡᠳ ᠲᠤᠷ ᠬᠡᠪᠡᠯᠢ ᠳᠠᠬᠢ ᠬᠥᠮᠥᠵᠢᠯ ᠤᠨ ᠲᠤᠬᠠᠢ ᠱᠠᠭᠠᠷᠳᠠᠯᠭ᠎ᠠ ᠲᠤᠷᠠᠳᠤᠭᠰᠠᠨ ᠪᠥᠯᠥᠭᠡ᠂ | ᠡᠷᠳᠡᠨ ᠤ ᠥᠶ᠎ᠡ ᠳᠤ ᠡᠬᠡᠨᠡᠷ ᠬᠥᠮᠤᠨ ᠵᠢᠷᠮᠥᠰᠥᠯᠡᠪᠡᠰᠤ ᠬᠠᠪᠢᠷᠭᠠᠳᠠᠨ ᠬᠡᠪᠳᠡᠬᠦ ᠦᠭᠡᠢ᠂ ᠬᠥᠪᠡᠭᠡ ᠵᠠᠬ᠎ᠠ ᠪᠠᠷ ᠰᠠᠭᠤᠬᠤ ᠦᠭᠡᠢ᠂ ᠤᠳᠠᠳᠠᠯ᠎ᠠ ᠬᠥᠴᠥᠯᠡᠨ ᠵᠤᠭᠰᠤᠬᠤ | ᠦᠭᠡᠢ᠂ ᠬᠠᠴᠢᠨ ᠮᠠᠭᠤᠬᠠᠢ ᠥᠨᠥᠷᠳᠠᠢ ᠶᠢ ᠢᠳᠡᠬᠦ ᠦᠭᠡᠢ᠂ ᠵᠥᠪ ᠬᠡᠷᠴᠢᠵᠤ ᠤᠭᠳᠤᠯᠠᠭᠰᠠᠨ ᠪᠤᠰᠤ ᠶᠢ ᠢᠳᠡᠬᠦ ᠦᠭᠡᠢ᠂ ᠤᠷᠤ ᠰᠠᠭᠤᠳᠠᠯ ᠠᠨᠤ ᠲᠥᠪ ᠪᠤᠰᠤ | ᠪᠤᠯᠪᠠᠰᠤ ᠰᠠᠭᠤᠬᠤ ᠦᠭᠡᠢ᠂ ᠭᠠᠵᠢᠭᠤ ᠥᠩᠭᠡ ᠥᠵᠡᠮᠵᠢ ᠶᠢ ᠬᠠᠷᠠᠬᠤ ᠦᠭᠡᠢ᠂ ᠰᠠᠳᠥᠷ ᠰᠠᠮᠠᠭᠤᠨ ᠲᠠᠭᠤᠨ ᠴᠢᠮᠡᠭᠡ ᠶᠢ ᠰᠤᠨᠤᠰᠬᠤ ᠦᠭᠡᠢ᠂ ᠬᠥᠮᠥᠨ | ᠥᠬᠦᠭᠰᠡᠨ ᠤ ᠭᠠᠰᠢᠭᠤᠳᠠᠯ ᠪᠡᠯᠪᠡᠰᠤᠷᠡᠯ ᠤᠨ ᠪᠠᠶᠢᠳᠠᠯ ᠬᠢᠭᠡᠳ ᠡᠯᠡᠩᠬᠡᠢ ᠪᠡᠶᠡᠳᠤ ᠡᠷᠡᠮᠳᠡᠭ ᠵᠡᠷᠡᠮᠳᠡᠭ ᠡᠪ ᠠᠨᠠᠶᠢᠬᠠᠨ ᠢ ᠥᠵᠡᠵᠤ ᠬᠠᠷᠠᠬᠤ ᠶᠢ ᠤᠨᠴᠠ ᠴᠡᠭᠡᠷᠯᠡᠵᠤ | ᠬᠠᠷᠢᠨ ᠮᠡᠷᠭᠡᠳ ᠡᠷᠳᠡᠮᠳᠡᠨ ᠪᠠ ᠪᠠᠶᠠᠷ ᠪᠡᠯᠭᠡᠳᠤ ᠰᠠᠶᠢᠨ ᠰᠠᠶᠢᠬᠠᠨ ᠶᠠᠪᠤᠳᠠᠯ ᠢ ᠠᠵᠢᠵᠤ ᠬᠠᠷᠠᠬᠤ ᠶᠢ ᠡᠷᠬᠢᠮᠯᠡᠳᠡᠭ ᠰᠠᠨ᠂ ᠲᠡᠭᠦᠨᠴᠢᠯᠡᠨ ᠬᠡᠤᠬᠡᠳ ᠤᠨ ᠢᠶᠠᠨ ᠤᠶᠤᠨ | ᠤᠬᠠᠭᠠᠨ ᠲᠡᠭᠦᠰᠬᠦᠢ ᠶᠢ ᠬᠥᠰᠡᠪᠡᠰᠤ ᠮᠥᠷᠭᠦ ᠵᠢᠭᠠᠰᠤ ᠪᠤᠶᠤ ᠲᠤᠭᠤᠰ ᠰᠢᠪᠠᠭᠤ ᠵᠡᠷᠭᠡ ᠶᠢ ᠪᠠᠭ᠋ᠠᠳᠤᠨ ᠰᠤᠨᠢᠷᠬᠠᠪᠠᠰᠤ ᠰᠠᠶᠢᠨ᠂ ᠬᠡᠤᠬᠡᠳ ᠢᠶᠠᠨ ᠭᠤᠸ᠎ᠠ | ᠥᠵᠡᠰᠭᠦᠯᠡᠩ ᠪᠤᠯᠵᠤ ᠲᠥᠷᠥᠰᠥᠭᠡᠢ ᠭᠡᠮᠡᠨ ᠬᠥᠰᠡᠪᠡᠰᠤ ᠥᠩᠭᠡᠳᠤ ᠲᠠᠨ᠎ᠠ ᠭᠤᠶᠢᠳᠠ ᠬᠠᠰ ᠢ ᠰᠤᠨᠢᠷᠬᠠ᠂ ᠬᠡᠤᠬᠡᠳ ᠢᠶᠠᠨ ᠢᠳᠡᠷ ᠡᠷᠡᠯᠬᠡᠭ ᠪᠤᠯᠭᠠᠨ ᠲᠥᠷᠥᠰᠥᠭᠡᠢ | ᠭᠡᠮᠡᠨ ᠬᠥᠰᠡᠭᠴᠢᠳ ᠠᠨᠤ ᠵᠢᠭᠦᠷ ᠢᠶᠠᠨ ᠲᠡᠯᠭᠡᠵᠤ ᠬᠠᠯᠢᠨ ᠨᠢᠰᠥᠭᠴᠢ ᠬᠠᠷᠴᠠᠭᠠᠢ ᠪᠤᠯᠤᠨ ᠵᠢᠭᠢᠳᠡᠯᠡ ᠲᠠᠪᠬᠢᠭ᠎ᠠ ᠵᠢᠷᠤᠭ᠎ᠠ ᠲᠠᠶᠢᠭ᠎ᠠ ᠶᠢ ᠰᠤᠨᠢᠷᠬᠠᠳᠤᠭᠠᠢ ᠬᠡᠮᠡᠪᠡ᠂ | ᠢᠳᠡᠭᠡᠨ ᠤᠮᠳᠠᠭᠠᠨ ᠤ ᠲᠠᠯ᠎ᠠ ᠪᠠᠷ ᠨᠡᠩ ᠴᠦ ᠠᠩᠬᠠᠷᠤᠯ ᠴᠡᠭᠡᠷᠯᠡᠯ ᠠᠷᠪᠢᠨ ᠪᠤᠢ᠃ | ᠵᠢᠷᠮᠥᠰᠥᠯᠡᠭᠰᠡᠳ ᠤᠨ ᠴᠡᠭᠡᠷᠯᠡᠬᠦ ᠢᠳᠡᠭᠡᠨ | ᠲᠠᠤᠯᠠᠢ ᠶᠢᠨ ᠮᠢᠬ᠎ᠠ ᠶᠢ ᠢᠳᠡᠪᠡᠰᠤ ᠬᠡᠤᠬᠡᠳ ᠠᠨᠤ ᠲᠠᠭᠤᠨ ᠦᠭᠡᠢ ᠪᠥᠭᠡᠳ ᠤᠷᠤᠭᠤᠯ ᠰᠡᠳᠡᠷᠬᠡᠢ ᠪᠤᠯᠤᠮᠤᠢ᠃ | ᠢᠮᠠᠭ᠎ᠠ ᠶᠢᠨ ᠮᠢᠬ᠎ᠠ ᠢᠳᠡᠪᠡᠰᠤ ᠬᠡᠤᠬᠡᠳ ᠠᠨᠤ ᠡᠪᠡᠳᠴᠢᠯᠡᠬᠦ ᠥᠯᠡᠮᠵᠢ᠃ | ᠲᠠᠬᠢᠶᠠᠨ ᠥᠨᠳᠡᠭᠡ ᠪᠠ ᠬᠠᠳᠠᠭᠠᠭᠰᠠᠨ ᠵᠢᠭᠠᠰᠤ ᠢᠳᠡᠪᠡᠰᠤ ᠬᠡᠤᠬᠡᠳ ᠠᠨᠤ ᠶᠠᠷ᠎ᠠ ᠰᠢᠷᠬ᠎ᠠ ᠥᠯᠡᠮᠵᠢ᠃ | ᠢᠯᠠᠮ᠎ᠠ ᠶᠢᠨ ᠮᠤᠳᠤᠨ ᠤ ᠥᠷ᠎ᠡ ᠪᠠ ᠨᠤᠭᠤᠰᠤᠨ ᠥᠨᠳᠡᠭᠡ ᠶᠢ ᠢᠳᠡᠪᠡᠰᠤ ᠬᠡᠤᠬᠡᠳ ᠠᠨᠤ ᠲᠤᠩᠭᠤᠷᠤᠤ ᠪᠠᠷ ᠲᠥᠷᠥᠮᠤᠢ᠃ | ᠪᠢᠯᠵᠤᠤᠬᠠᠢ ᠶᠢᠨ ᠮᠢᠬ᠎ᠠ ᠶᠢ ᠢᠳᠡᠵᠤ ᠠᠷᠢᠬᠢ ᠤᠤᠭᠤᠪᠠᠰᠤ ᠬᠡᠤᠬᠡᠳ ᠤᠨ ᠰᠡᠳᠬᠢᠯ ᠰᠠᠨᠠᠭ᠎ᠠ ᠲᠤᠷ ᠰᠠᠳᠤᠷ ᠰᠠᠮᠠᠭᠤᠨ ᠪᠤᠯᠵᠤ ᠢᠴᠢᠭᠦᠷᠢ ᠰᠤᠨᠵᠢᠭᠤᠷᠢ ᠶᠢ | ᠮᠡᠳᠡᠬᠦ ᠦᠭᠡᠢ ᠪᠤᠯᠤᠮᠤᠢ᠃ | ᠶᠠᠰᠤᠳᠤ ᠮᠡᠯᠡᠬᠡᠢ ᠶᠢᠨ ᠮᠢᠬ᠎ᠠ ᠶᠢ ᠢᠳᠡᠪᠡᠰᠤ ᠬᠡᠤᠬᠡᠳ ᠤᠨ ᠬᠥᠵᠥᠭᠦᠤ ᠠᠨᠤ ᠠᠭᠵᠠᠶᠢᠵᠤ ᠪᠤᠭᠤᠨᠢ ᠪᠤᠯᠤᠮᠤᠢ᠃ | ᠡᠯᠵᠢᠭᠡ ᠶᠢᠨ ᠮᠢᠬ᠎ᠠ ᠶᠢ ᠢᠳᠡᠪᠡᠰᠤ ᠬᠥᠩᠭᠡᠵᠢᠬᠦ ᠰᠠᠷ᠎ᠠ ᠶᠢ ᠤᠷᠳᠤᠳᠬᠠᠮᠤᠢ᠃ | ᠮᠥᠰᠤᠨ ᠡᠭᠡᠳᠡᠩ ᠢ ᠢᠳᠡᠪᠡᠰᠤ ᠤᠷᠤᠭ ᠲᠤᠭᠳᠠᠬᠤ ᠦᠭᠡᠢ ᠪᠤᠯᠤᠮᠤᠢ᠃ | ᠯᠠᠭᠤᠰᠠ ᠶᠢᠨ ᠮᠢᠬ᠎ᠠ ᠶᠢ ᠢᠳᠡᠪᠡᠰᠤ ᠬᠥᠩᠭᠡᠵᠢᠬᠦᠶᠡ ᠪᠡᠷᠬᠡ ᠪᠤᠯᠤᠮᠤᠢ᠃ | | |