ᠮᠠᠰᠢᠨᠲᠣ ᠲᠡᠷᠭᠡ ᠵᠠᠮ ᠬᠠᠷᠢᠯᠴᠠᠭᠠᠨ ᠤ ᠭᠡᠨᠡᠲᠡᠯ ᠭᠠᠷᠭᠠᠪᠠᠯ᠂ ᠲᠠᠭᠠᠳᠬᠠᠯ ᠳᠤ ᠣᠷᠣᠭᠰᠠᠨ ᠲᠡᠷᠭᠡᠨ ᠤ ᠲᠦᠯᠦᠬᠦ ᠲᠠᠰ ᠲᠠᠷᠠᠭᠠᠯᠠᠯ ᠨᠢ ᠶᠠᠮᠠᠷ ᠪᠣᠢ
ᠨᠡᠶᠢᠲᠡᠯᠡᠭᠰᠡᠨ ᠴᠠᠭ᠄
2022/3/10
    ︽ᠢᠷᠭᠡᠨ ᠤ ᠬᠠᠣᠯᠢ ᠶᠢᠨ ᠪᠢᠴᠢᠭ︾ ᠤᠨ ᠮᠢᠩᠭ᠎ᠠ ᠬᠤᠶᠠᠷ ᠵᠠᠭᠤ ᠠᠷᠪᠠᠨ ᠭᠤᠷᠪᠠᠲᠣᠭᠠᠷ ᠵᠦᠢᠯ ᠳᠤ᠂ ᠮᠠᠰᠢᠨᠲᠣ ᠲᠡᠷᠭᠡ ᠵᠠᠮ ᠬᠠᠷᠢᠯᠴᠠᠭᠠᠨ ᠤ ᠬᠡᠨᠡᠲᠡᠯ ᠭᠠᠷᠴᠦ ᠬᠤᠬᠢᠷᠠᠯ ᠣᠴᠠᠷᠠᠭᠤᠯᠣᠭᠠᠳ᠂ ᠲᠣᠰ ᠮᠠᠰᠢᠨᠲᠣ ᠲᠡᠷᠭᠡᠨ ᠤ ᠲᠠᠯ᠎ᠠ ᠶᠢᠨ ᠬᠠᠷᠢᠭᠤᠴᠠᠯᠭ᠎ᠠ ᠠᠴᠠ ᠪᠣᠯᠣᠬᠰᠠᠨ ᠪᠠᠶᠢᠪᠠᠯ᠂ ᠣᠷᠢᠳ ᠢᠶᠠᠷ ᠮᠠᠰᠢᠨᠲᠣ ᠲᠡᠷᠭᠡᠨ ᠤ ᠠᠯᠪᠠᠲᠠᠯᠭ᠎ᠠ ᠶᠢᠨ ᠲᠠᠭᠠᠳᠬᠠᠯ ᠢ ᠲᠠᠭᠠᠭᠠᠴᠢᠯᠠᠭᠰᠠᠨ ᠲᠠᠭᠠᠳᠬᠠᠬᠴᠢ ᠠᠯᠪᠠᠲᠠᠯᠭ᠎ᠠ ᠶᠢᠨ ᠲᠠᠭᠠᠳᠬᠠᠯ ᠤᠨ ᠬᠠᠷᠢᠭᠤᠴᠠᠯᠭ᠎ᠠ ᠶᠢᠨ ᠬᠢᠵᠠᠭᠠᠷ ᠲᠣᠭᠠᠨ ᠤ ᠬᠡᠪᠴᠢᠶᠡᠨ ᠲᠣᠲᠣᠷ᠎ᠠ ᠲᠦᠯᠦᠪᠦᠷᠢ ᠦᠭᠬᠦᠨ᠎ᠡ︔ ᠬᠦᠷᠦᠯᠴᠡᠬᠦ ᠦᠭᠡᠢ ᠬᠡᠰᠡᠭ ᠢ ᠨᠢ ᠮᠠᠰᠢᠨᠲᠤ ᠲᠡᠷᠭᠡᠨ ᠤ ᠬᠤᠲᠠᠯᠲᠣᠭᠠᠨ ᠤ ᠲᠠᠭᠠᠳᠬᠠᠯ ᠢ ᠲᠠᠭᠠᠭᠠᠴᠢᠯᠠᠬᠰᠠᠨ ᠲᠠᠭᠠᠳᠬᠠᠬᠴᠢ ᠠᠴᠠ ᠲᠠᠭᠠᠳᠬᠠᠯ ᠤᠨ ᠭᠡᠷ᠎ᠡ ᠶᠢᠨ ᠪᠣᠯᠵᠣᠯ ᠶᠣᠰᠣᠭᠠᠷ ᠲᠦᠯᠦᠪᠦᠷᠢ ᠦᠭᠬᠦᠨ᠎ᠡ︔ ᠮᠦᠨ ᠯᠡ ᠬᠦᠷᠦᠯᠴᠡᠬᠦ ᠦᠭᠡᠢ ᠪᠣᠶᠣ ᠮᠠᠰᠢᠨᠲᠣ ᠲᠡᠷᠭᠡᠨ ᠤ ᠬᠤᠲᠠᠯᠲᠣᠭᠠᠨ ᠤ ᠲᠠᠭᠠᠳᠬᠠᠯ ᠠᠪᠤᠭᠰᠠᠨ ᠦᠭᠡᠢ ᠪᠠᠶᠢᠪᠠᠯ᠂ ᠡᠷᠭᠡ ᠳᠤ ᠬᠠᠯᠲᠠᠭᠰᠠᠨ ᠬᠦᠮᠦᠨ ᠲᠦᠯᠦᠨ᠎ᠡ ᠭᠡᠵᠦ ᠲᠣᠭᠲᠠᠭᠠᠪᠠ᠃ ᠡᠬᠦᠨ ᠠᠴᠠ ᠮᠡᠲᠡᠬᠦ ᠨᠢ᠂ ᠮᠠᠰᠢᠨᠲᠣ ᠲᠡᠷᠭᠡ ᠵᠠᠮ ᠬᠠᠷᠢᠯᠴᠠᠭᠠᠨ ᠤ ᠭᠡᠨᠡᠲᠡᠯ ᠭᠠᠷᠭᠠᠵᠣ ᠪᠠᠰᠠ ᠬᠤᠬᠢᠷᠠᠯ ᠣᠴᠠᠷᠠᠭᠤᠯᠵᠣ᠂ ᠰᠢᠯᠭᠠᠨ ᠪᠠᠶᠢᠴᠠᠭᠠᠬᠤ ᠪᠠᠷ ᠲᠠᠮᠵᠢᠭᠠᠳ᠂ ᠲᠣᠰ ᠲᠡᠷᠭᠡᠨ ᠤ ᠲᠠᠯ᠎ᠠ ᠶᠢᠨ ᠬᠠᠷᠢᠭᠤᠴᠠᠯᠭ᠎ᠠ ᠠᠴᠠ ᠪᠣᠯᠣᠬᠰᠠᠨ ᠪᠠᠶᠢᠪᠠᠯ᠂ ᠣᠷᠢᠳ ᠢᠶᠠᠷ ᠮᠠᠰᠢᠨᠲᠣ ᠲᠡᠷᠭᠡᠨ ᠤ ᠠᠯᠪᠠᠲᠠᠯᠭ᠎ᠠ ᠶᠢᠨ ᠲᠠᠭᠠᠳᠬᠠᠯ ᠢ ᠲᠠᠭᠠᠭᠠᠴᠢᠯᠠᠭᠰᠠᠨ ᠲᠠᠭᠠᠳᠬᠠᠬᠴᠢ ᠠᠯᠪᠠᠲᠠᠯᠭ᠎ᠠ ᠶᠢᠨ ᠲᠠᠭᠠᠳᠬᠠᠯ ᠤᠨ ᠬᠠᠷᠢᠭᠤᠴᠠᠯᠭ᠎ᠠ ᠶᠢᠨ ᠬᠢᠵᠠᠭᠠᠷ ᠲᠣᠭᠠᠨ ᠤ ᠬᠡᠪᠴᠢᠶᠡᠨ ᠲᠣᠲᠣᠷ᠎ᠠ ᠲᠦᠯᠦᠪᠦᠷᠢ ᠦᠭᠬᠦᠨ᠎ᠡ︔ ᠬᠦᠷᠦᠯᠴᠡᠬᠦ ᠦᠭᠡᠢ ᠬᠡᠰᠡᠭ ᠢ ᠨᠢ ᠮᠠᠰᠢᠨᠲᠤ ᠲᠡᠷᠭᠡᠨ  ᠤ ᠬᠤᠲᠠᠯᠲᠣᠭᠠᠨ ᠤ ᠲᠠᠭᠠᠳᠬᠠᠯ ᠢ ᠲᠠᠭᠠᠭᠠᠴᠢᠯᠠᠬᠰᠠᠨ ᠲᠠᠭᠠᠳᠬᠠᠬᠴᠢ ᠠᠴᠠ ᠲᠠᠭᠠᠳᠬᠠᠯ ᠤᠨ ᠭᠡᠷ᠎ᠡ ᠶᠢᠨ ᠪᠣᠯᠵᠣᠯ ᠶᠣᠰᠣᠭᠠᠷ ᠲᠦᠯᠦᠪᠦᠷᠢ ᠦᠭᠬᠦᠨ᠎ᠡ︔ ᠮᠦᠨ ᠯᠡ ᠬᠦᠷᠦᠯᠴᠡᠬᠦ ᠦᠭᠡᠢ ᠪᠣᠶᠣ ᠮᠠᠰᠢᠨᠲᠣ ᠲᠡᠷᠭᠡᠨ ᠤ ᠬᠤᠲᠠᠯᠲᠣᠭᠠᠨ  ᠤ ᠲᠠᠭᠠᠳᠬᠠᠯ ᠠᠪᠤᠭᠰᠠᠨ ᠦᠭᠡᠢ ᠪᠠᠶᠢᠪᠠᠯ᠂ ᠡᠷᠭᠡ ᠳᠤ ᠬᠠᠯᠲᠠᠭᠰᠠᠨ ᠬᠦᠮᠦᠨ ᠲᠦᠯᠦᠨ᠎ᠡ᠃ ᠡᠷᠬᠡ ᠳᠤ ᠬᠠᠯᠲᠠᠭᠰᠠᠨ ᠬᠦᠮᠦᠨ ᠳᠤ ᠠᠪᠴᠦ ᠬᠡᠯᠡᠪᠡᠯ᠂ ᠲᠠᠭᠠᠳᠬᠠᠯ ᠤᠨ ᠺᠣᠮᠫᠠᠨᠢ ᠪᠠᠶᠢᠬᠤ ᠠᠴᠠ ᠪᠣᠯᠵᠣ ᠲᠡᠬᠦᠨ ᠤ ᠲᠦᠯᠦᠬᠦ ᠲᠠᠷᠣᠭᠠᠰᠣ ᠵᠣᠬᠢᠴᠠᠩᠭᠤᠢ ᠬᠦᠩᠭᠡᠷᠡᠵᠦ᠂ ᠡᠬᠦᠨ ᠤ ᠣᠯᠠᠮ ᠲᠠᠭᠠᠳᠬᠠᠯ ᠤᠨ ᠺᠣᠮᠫᠠᠨᠢ ᠶᠢᠨ ᠲᠠᠭᠠᠳᠬᠠᠯ ᠤᠨ ᠠᠵᠢᠯᠯᠠᠭ᠎ᠠ ᠨᠢ ᠬᠤᠬᠢᠷᠠᠭᠴᠢ ᠲᠠᠷᠣᠢ ᠡᠷᠭᠡ ᠨᠢ ᠬᠠᠯᠲᠠᠭᠲᠠᠭᠰᠠᠨ ᠬᠦᠮᠦᠨ ᠤ ᠡᠷᠭᠡ ᠠᠰᠢᠭ ᠢ ᠨᠡᠩ ᠰᠠᠶᠢᠨ ᠬᠠᠮᠠᠭᠠᠯᠠᠵᠵᠣ ᠴᠢᠲᠠᠲᠠᠭ᠃     ᠪᠣᠲᠠᠲᠣ ᠠᠮᠢᠲᠣᠷᠠᠯ ᠳᠤ᠂ ᠵᠣᠭᠤᠰ ᠢᠶᠠᠨ ᠠᠷᠪᠢᠯᠠᠬᠤ ᠶᠢᠨ ᠲᠦᠯᠦᠭᠡ ᠬᠤᠲᠠᠯᠲᠣᠭᠠᠨ ᠤ ᠲᠠᠭᠠᠳᠬᠠᠯ ᠠᠪᠬᠤ ᠦᠭᠡᠢ᠂ ᠨᠡᠩ ᠴᠠᠭᠠᠰᠢᠯᠠᠪᠠᠯ ᠵᠠᠷᠢᠮ ᠬᠦᠮᠦᠨ ᠠᠯᠪᠠᠲᠠᠯᠭ᠎ᠠ ᠶᠢᠨ ᠲᠠᠭᠠᠳᠬᠠᠯ ᠢ ᠴᠦ ᠬᠠᠣᠯᠢ ᠶᠣᠰᠣᠭᠠᠷ ᠬᠤᠲᠠᠯᠲᠣᠨ ᠠᠪᠬᠤ ᠦᠭᠡᠢ ᠦᠵᠡᠭᠲᠡᠯ ᠬᠠᠶ᠋ᠨ ᠦᠭᠡᠢ ᠪᠠᠶᠢᠵᠦ᠂ ᠡᠨ᠋ᠨ ᠨᠢ ᠵᠠᠮ ᠬᠠᠷᠢᠯᠴᠠᠭᠠᠨ ᠤ ᠬᠡᠨᠡᠲᠡᠯ ᠳᠤ ᠬᠤᠬᠢᠷᠠᠭᠰᠡᠳ ᠤᠨ ᠬᠠᠣᠯᠢ ᠶᠣᠰᠣᠨ ᠤ ᠡᠷᠭᠡ ᠠᠰᠢᠭ ᠢ ᠬᠠᠮᠠᠭᠠᠯᠠᠬᠤ ᠳᠤ ᠲᠣᠩ ᠬᠦᠴᠢᠷᠲᠡᠯ ᠠᠪᠴᠢᠷᠠᠲᠠᠭ ᠪᠠᠶᠢᠨ᠎ᠠ᠃    ᠡᠶᠢᠮᠦ ᠠᠴᠠ᠂ ᠮᠠᠰᠢᠨᠲᠣ ᠲᠡᠷᠭᠡ ᠠᠯᠪᠠᠲᠠᠯᠭ᠎ᠠ ᠶᠢᠨ ᠲᠠᠭᠠᠳᠬᠠᠯ᠂ ᠬᠤᠲᠠᠯᠲᠣᠭᠠᠨ ᠤ ᠲᠠᠭᠠᠳᠬᠠᠯ ᠬᠤᠲᠠᠯᠲᠣᠨ ᠠᠪᠬᠤ ᠨᠢ ᠦᠪᠡᠷ ᠪᠣᠰᠣᠳ ᠲᠤ ᠴᠦᠮ ᠲᠦᠢᠯ ᠤᠨ ᠠᠰᠢᠭ ᠲᠣᠰᠠ ᠲᠠᠢ ᠪᠠᠶᠢᠲᠠᠭ᠃
ᠢᠷᠡᠯᠲᠡ᠄ ᠠᠷᠠᠳ ᠤᠨ ᠰᠦᠯᠵᠢᠶ᠎ᠡ