ᠡᠳ᠋ ᠪᠠᠷᠠᠭ᠎ᠠ ᠳᠡᠭᠡᠷ᠎ᠡ ᠨᠠᠭᠠᠯᠳᠤᠭᠰᠠᠨ ᠸᠢᠷᠦ᠋ᠰ ᠢ ᠰᠡᠷᠭᠡᠶᠢᠯᠡᠬᠦ ᠴᠢᠬᠤᠯᠠ ᠲᠠᠢ
ᠨᠡᠶᠢᠲᠡᠯᠡᠭᠰᠡᠨ ᠴᠠᠭ᠄
2022/3/17
     ᠲᠤᠰ ᠡᠭᠡᠯᠵᠢᠨ ᠤ ᠣᠮᠢᠺᠷᠣᠨ ᠸᠢᠷᠦ᠋ᠰ ᠤᠨ ᠬᠢᠵᠢᠭ ᠲᠤ ᠮᠠᠨ ᠤ ᠤᠯᠤᠰ ᠤᠨ ᠨᠢᠭᠡᠯᠡ ᠬᠤᠨᠤᠭ  ᠲᠤ  ᠬᠢᠵᠢᠭ  ᠲᠤ ᠨᠡᠷᠪᠡᠭᠳᠡᠭᠰᠡᠨ ᠬᠥᠮᠥᠨ ᠤ ᠲᠤᠭ᠎ᠠ ᠠᠩᠬ᠎ᠠ ᠤᠳᠠᠭ᠎ᠠ 3000 ᠶᠢ ᠳᠠᠪᠠᠯ᠎ᠠ᠃ ᠣᠮᠢᠺᠷᠣᠨ ᠸᠢᠷᠦ᠋ᠰ ᠮᠠᠰᠢ ᠲᠦᠷᠭᠡᠨ ᠦᠷᠪᠢᠰᠦᠨ ᠳᠡᠯᠭᠡᠷᠡᠳᠡᠭ ᠨᠢ ᠲᠡᠭᠦᠨ ᠤ  ᠤᠷᠲᠤ  ᠬᠤᠭᠤᠴᠠᠭ᠎ᠠ  ᠲᠣᠭᠲᠠᠪᠤᠷᠢᠲᠠᠢ  ᠪᠠᠶᠢᠳᠠᠭ  ᠲᠠᠢ  ᠬᠤᠯᠪᠣᠭ᠎ᠠ  ᠲᠠᠢ  ᠭᠡᠵᠤ  ᠰᠢᠨᠵᠢᠯᠡᠬᠦ ᠤᠬᠠᠭᠠᠨᠲᠠᠳ ᠮᠠᠭᠠᠳᠯᠠᠵᠤ ᠪᠠᠶᠢᠨ᠎ᠠ᠃ ᠣᠶᠢᠯᠠᠭᠠᠭᠰᠠᠨ ᠢᠶᠠᠷ᠂ ᠡᠳ᠋ ᠪᠠᠷᠠᠭᠠᠨ ᠳᠡᠭᠡᠷ᠎ᠡ ᠨᠠᠭᠠᠯᠳᠤᠭᠰᠠᠨ ᠣᠮᠢᠺᠷᠣᠨ ᠸᠢᠷᠦ᠋ᠰ  ᠨᠢ ᠪᠠᠷᠤᠭ 8 ᠬᠤᠨᠤᠭ ᠠᠮᠢᠳᠤᠷᠠᠵᠤ ᠴᠢᠳᠠᠳᠠᠭ ᠪᠣᠯᠬᠤᠷ ᠡᠳ᠋ ᠪᠠᠷᠠᠭ᠎ᠠ ᠪᠠᠷ ᠳᠠᠮᠵᠢᠵᠤ ᠬᠥᠮᠥᠨ ᠳᠤ ᠬᠠᠯᠳᠠᠪᠤᠷᠢᠯᠠᠬᠤ ᠶᠢ ᠰᠡᠷᠭᠡᠶᠢᠯᠡᠬᠦ ᠴᠢᠬᠤᠯᠠ ᠲᠠᠢ ᠪᠠᠶᠢᠨ᠎ᠠ᠃       
ᠢᠷᠡᠯᠲᠡ᠄ ᠠᠷᠠᠳ ᠤᠨ ᠰᠦᠯᠵᠢᠶ᠎ᠡ