| ᠬᠦᠮᠦᠨ ᠤ ᠶᠡᠭᠡ ᠳᠠᠷᠢᠬᠢ ᠨᠢ ᠦᠪᠡᠷ ᠤᠨ ᠡᠬᠦᠰᠤᠯ ᠬᠦᠭᠵᠢᠯ ᠤᠨ ᠪᠤᠳᠤᠯᠢᠶᠠᠨᠳᠤ ᠶᠠᠪᠤᠴᠠ ᠲᠠᠢ ᠪᠠᠶᠢᠳᠠᠬ᠃ ᠳᠡᠷᠡ ᠨᠢ ᠪᠡᠶ᠎ᠠ ᠶᠢᠨ ᠳᠤᠳᠤᠭᠠᠳᠤ ᠡᠷᠬᠡᠳᠡᠨ ᠤ | ᠬᠡᠪ ᠤᠨ ᠠᠵᠢᠯᠯᠠᠭ᠎ᠠ᠂ ᠦᠬᠡ ᠬᠡᠯᠡ᠂ ᠰᠡᠳᠬᠢᠬᠦᠢ ᠶᠢᠨ ᠬᠦᠳᠡᠯᠬᠡᠬᠡᠨ᠂ ᠪᠦᠬᠦ ᠪᠡᠶ᠎ᠠ ᠶᠢᠨ ᠬᠦᠳᠡᠯᠦᠯ ᠪᠠᠷᠢᠯ ᠢ ᠴᠠᠬ ᠮᠦᠴᠡ ᠠᠯᠳᠠᠯ ᠦᠬᠡᠢ ᠵᠢᠯᠦᠭᠤᠳᠴᠤ | ᠪᠠᠶᠢᠳᠠᠬ ᠲᠦᠢᠯ ᠤᠨ ᠪᠤᠳᠤᠯᠢᠶᠠᠨ ᠲᠠᠢ ᠮᠡᠳᠡᠷᠡᠯ ᠤᠨ ᠲᠦᠪ ᠮᠦᠨ᠃ ᠳᠡᠭᠡᠪᠡᠯ ᠪᠢᠳᠡ ᠶᠡᠭᠡ ᠳᠠᠷᠢᠬᠢ ᠪᠠᠨ ᠬᠡᠷᠬᠢᠨ ᠬᠠᠮᠠᠭᠠᠯᠠᠵᠤ᠂ ᠲᠦᠷᠬᠡᠨ ᠦᠳᠡᠯᠬᠦ ᠶᠢ ᠨᠢ | ᠶᠠᠭᠠᠬᠢᠵᠤ ᠰᠡᠷᠭᠡᠶᠢᠯᠡᠬᠦ ᠪᠤᠢ︖ | 1᠂ ᠡᠳᠤᠷ ᠪᠦᠷᠢ ᠳᠤᠬᠳᠠᠮᠠᠯ ᠴᠠᠬ ᠭᠠᠷᠭᠠᠵᠤ ᠨᠤᠮ ᠤᠡᠭᠰᠢᠬᠤ ᠪᠤᠶᠤ ᠶᠠᠭᠤᠮ᠎ᠠ ᠪᠢᠴᠢᠬᠦ ᠡᠰᠡᠬᠦᠯ᠎ᠠ ᠺᠣᠮᠫᠢᠦ᠋ᠲ᠋ᠧᠷ ᠪᠤᠯᠪᠠᠰᠤᠷᠠᠬᠤ ᠵᠡᠷᠭᠡ ᠠᠷᠭ᠎ᠠ ᠪᠠᠷ ᠳᠠᠷᠢᠬᠢ | ᠳᠤᠯᠤᠭᠠᠢ ᠪᠠᠨ ᠬᠦᠳᠡᠯᠬᠡᠬᠦ ᠳᠤ ᠳᠤᠬᠢᠶᠠᠯ ᠤᠯᠭᠤᠨ᠎ᠠ᠃ | 2᠂ ᠨᠡᠶᠢᠬᠡᠮ ᠤᠨ ᠬᠦᠳᠡᠯᠬᠡᠬᠡᠨ ᠳᠤ ᠢᠯᠡᠬᠦᠬᠡᠨ ᠤᠷᠤᠯᠴᠠᠵᠤ ᠬᠦᠮᠦᠰ ᠤᠨ ᠬᠤᠭᠤᠷᠤᠨᠳᠤᠬᠢ ᠬᠠᠷᠢᠴᠠᠭ᠎ᠠ ᠪᠠᠨ ᠨᠡᠮᠡᠭᠳᠡᠬᠦᠯᠬᠦ ᠪᠠᠷ ᠳᠠᠮᠵᠢᠨ ᠭᠠᠳᠠᠭᠠᠳᠤ | ᠤᠷᠴᠢᠨ ᠠᠴᠠ ᠵᠤᠬᠢᠬᠤ ᠬᠡᠮᠵᠢᠶᠡᠨ ᠤ ᠰᠡᠳᠡᠯᠳᠡ ᠤᠯᠵᠤ ᠳᠠᠷᠢᠬᠢ ᠪᠠᠨ ᠬᠦᠳᠡᠯᠬᠡᠬᠡᠨ ᠰᠡᠳᠬᠢᠨ ᠪᠤᠳᠤᠬᠤ ᠬᠡᠷᠡᠭᠳᠡᠢ᠃ | 3᠂ ᠤᠯᠠᠨ ᠳᠠᠯ᠎ᠠ ᠪᠠᠷ ᠳᠤᠷ᠎ᠠ ᠪᠠᠬ᠎ᠠ ᠶᠢ ᠪᠤᠢ ᠪᠤᠯᠭᠠᠬᠤ ᠠᠴᠠ ᠭᠠᠷᠳᠠᠬᠤ ᠬᠡᠷᠡᠭᠳᠡᠢ᠃ ᠳᠤᠬᠠᠢᠢᠯᠠᠪᠠᠯ ᠤᠳᠬ᠎ᠠ ᠤᠷᠠᠯᠢᠬ᠂ ᠪᠡᠶ᠎ᠠ ᠶᠢᠨ ᠳᠠᠮᠢᠷ ᠲᠤ | ᠤᠷᠤᠯᠴᠠᠬᠤ ᠪᠠ ᠴᠡᠴᠡᠭ ᠬᠤᠸᠠᠷ ᠳᠠᠷᠢᠬᠤ ᠵᠡᠷᠭᠡ ᠪᠠᠬ᠎ᠠ ᠲᠠᠢ ᠠᠵᠢᠯᠯᠠᠭ᠎ᠠ ᠳᠤ ᠤᠷᠤᠯᠴᠠᠵᠤ ᠠᠭᠠᠵᠢᠮ ᠢᠶᠠᠷ ᠳᠤᠷ᠎ᠠ ᠪᠠᠬ᠎ᠠ ᠲᠠᠢ ᠪᠤᠯᠴᠢᠬᠠᠪᠠᠯ ᠶᠡᠭᠡ ᠳᠠᠷᠢᠬᠢᠨ ᠳᠤ | ᠴᠠᠬ ᠢᠮᠠᠬᠳᠠ ᠳᠤᠬᠢᠷᠠᠭᠤᠯᠤᠯᠳᠠ ᠬᠢᠵᠤ ᠴᠢᠳᠠᠨ᠎ᠠ᠃ | 4᠂ ᠬᠠᠮᠤᠬ ᠰᠠᠶᠢᠨ ᠨᠢ ᠵᠠᠩ ᠠᠭᠠᠰᠢ ᠬᠦᠭᠵᠢᠬᠦᠨ ᠪᠠᠶᠠᠰᠦᠩᠭᠤᠢ ᠪᠠᠶᠢᠵᠤ ᠵᠤᠪᠠᠵᠤ ᠭᠤᠳᠤᠷᠠᠬᠤ ᠦᠬᠡᠢ᠂ ᠠᠭᠤᠷᠯᠠᠵᠤ ᠪᠤᠬᠢᠨᠢᠳᠤᠬᠤ ᠦᠬᠡᠢ ᠪᠠᠶᠢᠵᠤ᠂ | ᠳᠠᠷᠢᠬᠢ ᠪᠠᠨ ᠢᠯᠡᠬᠦᠤ ᠬᠦᠳᠡᠯᠬᠡᠨ ᠳᠠᠷᠢᠬᠢᠨ ᠤ ᠴᠢᠳᠠᠪᠦᠷᠢ ᠶᠢ ᠨᠡᠮᠡᠭᠳᠡᠬᠦᠯᠬᠦ ᠶᠢ ᠪᠠᠷᠢᠮᠳᠠᠯᠠᠬᠤ ᠬᠡᠷᠡᠭᠳᠡᠢ᠃ | 5᠂ ᠭᠠᠷ ᠤᠨ ᠬᠤᠷᠤᠭᠤᠨ ᠤ ᠦᠵᠤᠬᠦᠷ᠂ ᠬᠤᠷᠤᠭᠤᠨ ᠤ ᠦᠨᠳᠡᠭᠡ᠂ ᠪᠠᠭᠤᠤ ᠵᠡᠷᠭᠡ ᠪᠠᠨ ᠦᠷᠬᠦᠯᠵᠢ ᠬᠦᠳᠡᠯᠬᠡᠬᠦ ᠶᠢ ᠠᠩᠬᠠᠷᠴᠤ ᠵᠢᠷᠤᠬ ᠵᠢᠷᠤᠬᠤ᠂ | ᠦᠰᠦᠭ ᠪᠢᠴᠢᠬᠦ᠂ ᠬᠤᠪᠴᠠᠰᠤ ᠨᠡᠬᠡᠬᠦ᠂ ᠭᠡᠷ ᠤᠨ ᠬᠦᠳᠡᠯᠮᠦᠷᠢ ᠬᠢᠬᠦ ᠵᠡᠷᠬᠡ ᠨᠢ ᠴᠦᠮ ᠶᠡᠭᠡ ᠳᠠᠷᠢᠬᠢᠨ ᠳᠤ ᠰᠡᠳᠡᠯᠳᠡ ᠦᠭᠴᠤ᠂ ᠤᠶᠤᠨ ᠤ ᠬᠦᠳᠡᠯᠮᠦᠷᠢ ᠬᠢᠬᠦ | ᠳᠠᠯ᠎ᠠ ᠪᠠᠷ ᠰᠠᠶᠢᠨ ᠪᠤᠯᠳᠠᠬ᠃ | 6᠂ ᠳᠤᠬᠳᠠᠬᠰᠠᠨ ᠴᠠᠬ ᠲᠤ ᠪᠠᠨ ᠤᠨᠳᠠᠬᠤ ᠪᠤᠯ ᠳᠠᠷᠢᠬᠢᠨ ᠤ ᠦᠳᠡᠯᠵᠤ ᠪᠢᠳᠠᠭᠤᠷᠠᠬᠤ ᠶᠢ ᠰᠡᠷᠭᠡᠶᠢᠯᠡᠬᠦ ᠴᠢᠬᠤᠯᠠ ᠵᠦᠢᠯ ᠪᠤᠯᠬᠤ ᠪᠦᠭᠡᠳ ᠪᠠᠰᠠ ᠳᠠᠷᠢᠬᠢᠨ ᠤ | ᠶᠠᠳᠠᠷᠠᠭ᠎ᠠ ᠴᠢᠯᠡᠭᠡ ᠶᠢ ᠳᠠᠶᠢᠯᠬᠤ ᠬᠠᠮᠤᠬ ᠰᠠᠶᠢᠨ ᠠᠷᠭ᠎ᠠ ᠮᠦᠨ᠃ ᠡᠬᠦᠨ ᠤ ᠳᠤᠮᠳᠠ᠂ ᠪᠠᠭ᠎ᠠ ᠰᠤᠷᠭᠠᠭᠤᠯᠢ ᠶᠢᠨ ᠰᠤᠷᠤᠬᠴᠢ᠂ ᠪᠠᠭᠰᠢ ᠵᠡᠷᠭᠡ ᠤᠶᠤᠨ ᠤ | ᠬᠦᠳᠡᠯᠮᠦᠷᠢ ᠬᠢᠳᠡᠭ ᠬᠦᠮᠤᠰ ᠦᠳᠡ ᠳᠤ ᠬᠠᠭᠠᠰ ᠴᠠᠬ ᠠᠴᠠ ᠨᠢᠬᠡ ᠴᠠᠬ ᠤᠷᠴᠢᠮ ᠤᠨᠳᠠᠪᠠᠯ ᠳᠠᠷᠢᠬᠢ ᠳᠤᠯᠤᠭᠠᠢ ᠰᠡᠷᠭᠡᠭᠵᠢᠵᠤ ᠠᠵᠢᠯᠯᠠᠬᠤ᠂ ᠰᠤᠷᠤᠯᠴᠠᠬᠤ ᠳᠤ | ᠮᠠᠰᠢ ᠳᠤᠬᠢᠷᠠᠮᠵᠢᠳᠡᠢ ᠪᠠᠶᠢᠳᠠᠬ᠃ | 7᠂ ᠳᠠᠷᠢᠬᠢᠨ ᠤ ᠰᠢᠮ᠎ᠠ ᠳᠡᠵᠢᠬᠡᠯ ᠤᠨ ᠳᠡᠩᠴᠡᠬᠦᠷᠢ ᠶᠢ ᠦᠷᠬᠦᠯᠵᠢ ᠠᠩᠬᠠᠷᠴᠤ᠂ ᠸᠢᠲ᠋ᠠᠮᠢᠨ ᠤ ᠳᠠᠷᠢᠬᠢᠨ ᠤ ᠬᠦᠳᠡᠯᠬᠡᠬᠡᠨ ᠳᠤ ᠦᠵᠡᠬᠦᠯᠬᠦ ᠦᠢᠯᠡᠳᠤᠯ ᠨᠢ | ᠳᠦᠢᠯ ᠤᠨ ᠴᠢᠬᠤᠯᠠ ᠭᠡᠳᠡᠭ ᠢ ᠮᠡᠳᠡᠵᠤ ᠠᠪᠬᠤ ᠴᠢᠬᠤᠯᠠᠳᠡᠢ᠃ | ᠶᠡᠭᠡ ᠳᠠᠷᠢᠬᠢᠨ ᠤ ᠶᠠᠳᠠᠷᠠᠯ ᠢ ᠳᠠᠶᠢᠯᠬᠤ ᠤᠷᠠᠨ ᠠᠷᠭ᠎ᠠ | ᠤᠳᠠᠭᠠᠨ ᠴᠠᠬ ᠤᠨ ᠶᠠᠭᠠᠷᠠᠯᠳᠡᠢ ᠤᠶᠤᠨ ᠤ ᠬᠦᠳᠡᠯᠮᠦᠷᠢ ᠨᠢ ᠬᠦᠮᠦᠰ ᠤᠨ ᠳᠠᠷᠢᠬᠢ ᠳᠤᠯᠤᠭᠠᠢ ᠶᠢ ᠬᠦᠴᠤᠳᠡᠢ ᠨᠦᠯᠦᠬᠡᠯᠡᠵᠤ ᠶᠡᠭᠡ ᠳᠠᠷᠢᠬᠢᠨ ᠤ ᠶᠠᠳᠠᠷᠠᠯ ᠢ ᠪᠤᠢ | ᠪᠤᠯᠭᠠᠳᠠᠬ᠃ ᠳᠡᠭᠡᠪᠡᠯ ᠡᠨᠡ ᠬᠦ ᠶᠠᠳᠠᠷᠠᠯ ᠢ ᠲᠦᠬᠦᠮ ᠠᠷᠭ᠎ᠠ ᠪᠠᠷ ᠬᠡᠷᠬᠢᠨ ᠳᠠᠶᠢᠯᠬᠤ ᠪᠤᠢ︖ | 1᠂ ᠰᠠᠭᠤᠬᠰᠠᠨ ᠪᠤᠶᠤ ᠵᠤᠬᠰᠤᠬᠰᠠᠨ ᠠᠯᠢ ᠨᠢᠬᠡᠨ ᠦᠶ᠎ᠠ ᠳᠤ ᠪᠦᠬᠦ ᠪᠡᠶ᠎ᠡ ᠪᠠᠨ ᠰᠤᠯᠠ ᠳᠠᠯᠪᠢᠵᠤ ᠬᠤᠶᠠᠷ ᠨᠢᠳᠤ ᠪᠠᠨ ᠪᠠᠭ᠎ᠠ ᠯᠡ ᠠᠨᠢᠪᠬᠢᠨᠠ᠃ | 2᠂ ᠠᠷᠪᠠᠨ ᠬᠤᠷᠤᠭᠤᠨ ᠤ ᠦᠵᠦᠬᠦᠷ ᠢᠶᠠᠷ ᠬᠡᠵᠢᠬᠡ ᠪᠠᠨ ᠠᠷᠤᠬᠰᠢ ᠪᠠᠨ ᠰᠠᠮᠨᠠᠬᠤ ᠶᠠᠩᠵᠤᠳᠡᠢ ᠮᠠᠭᠠᠵᠢᠵᠤ᠂ ᠳᠤᠬᠤᠨ ᠤ ᠪᠠᠨ ᠬᠦᠷᠤᠰᠤ ᠶᠢ ᠠᠷᠪᠠᠨ ᠨᠠᠢᠮᠠ | ᠤᠳᠠᠭ᠎ᠠ ᠢᠯᠪᠢᠭᠡᠳ ᠳᠤᠯᠤᠭᠠᠢ ᠪᠠᠨ ᠠᠯᠠᠭᠠᠳᠠᠨ᠎ᠠ᠃ ᠬᠤᠤᠰ ᠠᠯᠠᠭ᠎ᠠ ᠪᠠᠨ ᠬᠦᠨᠳᠡᠶᠢᠯᠡᠵᠤ ᠪᠠᠶᠢᠭᠠᠳ ᠳᠤᠯᠤᠭᠠᠢ ᠶᠢᠨ ᠡᠮᠤᠨ᠎ᠠ ᠭᠡᠰᠡᠭ ᠠᠴᠠ ᠨᠢ ᠬᠤᠶᠢᠰᠢ ᠪᠠᠨ | ᠵᠢᠷᠭᠤᠭ᠎ᠠ ᠠᠴᠠ ᠳᠤᠯᠤᠭ᠎ᠠ ᠤᠳᠠᠭ᠎ᠠ ᠠᠯᠠᠭᠠᠳᠠᠬᠰᠠᠨ ᠤ ᠳᠠᠷᠠᠭ᠎ᠠ ᠳᠠᠬᠢᠨ ᠠᠷᠪᠠᠨ ᠨᠠᠢᠮᠠ ᠤᠳᠠᠭ᠎ᠠ ᠢᠯᠪᠢᠵᠤ᠂ ᠠᠯᠢ ᠭᠡᠰᠡᠭ ᠨᠢ ᠳᠠᠭᠠᠯᠠᠮᠵᠢ ᠦᠬᠡᠢ ᠪᠤᠯ ᠳᠡᠷᠡ | ᠭᠡᠰᠡᠭ ᠢ ᠨᠢ ᠢᠯᠡᠬᠦᠤ ᠬᠡᠳᠤ ᠠᠯᠠᠭᠠᠳᠠᠬᠤ ᠪᠤᠶᠤ ᠬᠦᠴᠤᠳᠡᠢ ᠬᠡᠳᠤ ᠠᠯᠠᠭᠠᠳᠠᠨ᠎ᠠ᠃ ᠬᠤᠶᠠᠷ ᠭᠠᠷ ᠤᠨ ᠬᠤᠷᠤᠭᠤ ᠨᠤᠭᠤᠳ ᠤᠨ ᠢᠶᠠᠨ ᠰᠠᠯᠠᠭ᠎ᠠ ᠶᠢ ᠵᠦᠷᠢᠬᠦᠯᠡᠵᠤ | ᠲᠠᠯᠪᠢᠬᠰᠠᠨ ᠤ ᠰᠡᠭᠦᠯᠡᠷ ᠠᠯᠠᠭ᠎ᠠ ᠪᠠᠨ ᠨᠡᠶᠢᠯᠡᠬᠦᠯᠦᠭᠡᠳ ᠠᠷᠤ ᠳᠤᠬᠤ ᠪᠠᠨ ᠭᠤᠷᠪᠠᠨ ᠮᠢᠨᠦ᠋ᠲ ᠳᠡᠪᠡᠷᠢᠨᠠ᠃ | 3᠂ ᠳᠡᠭᠡᠷᠡᠬᠢ ᠬᠦᠳᠡᠯᠬᠡᠬᠡᠨ ᠨᠦᠭᠦᠳ ᠢ ᠬᠢᠬᠦ ᠦᠶᠡᠰ ︽ᠳᠠᠷᠢᠬᠢ ᠳᠤᠯᠤᠭᠠᠢ ᠶᠢ ᠡᠷᠡᠬᠦᠯ ᠰᠠᠷᠠᠭᠤᠯ ᠪᠤᠯᠭᠠᠬᠤ ᠳᠤᠬᠠᠢ︾ ᠤᠬᠢ ᠰᠠᠶᠢᠨ ᠪᠤᠳᠤᠯ ᠤᠨ | ᠤᠬᠠᠮᠰᠠᠷ ᠪᠤᠶᠤ ᠪᠢᠰᠢᠯᠭᠠᠯ ᠲᠠᠢ ᠪᠠᠶᠢᠬᠤ ᠬᠡᠷᠡᠭᠳᠡᠢ᠃ ᠢᠡᠭᠭᠢᠪᠡᠯ ᠳᠠᠨ ᠤ ᠳᠠᠷᠢᠬᠢ ᠳᠤᠯᠤᠭᠠᠢ ᠰᠡᠳᠬᠢᠬᠦᠢ ᠴᠢᠨᠢ ᠠᠭᠱᠠᠨ ᠵᠠᠭᠤᠷ᠎ᠠ ᠰᠡᠷᠬᠦᠨ ᠰᠤᠷᠭᠤᠬᠵᠢᠵᠤ | ᠢᠷᠡᠨ᠎ᠠ᠃ | |