| ᠤᠢᠢᠷ᠎ᠠ ᠳᠤ᠂ ︽ᠠᠮᠧᠷᠢᠺᠠ ᠶᠢᠨ ᠠᠵᠢᠯ ᠠᠴᠠ ᠪᠠᠨ ᠠᠮᠠᠷᠠᠭᠰᠠᠳ ᠤᠨ ᠨᠡᠶᠢᠭᠡᠮᠯᠢᠭ ᠤᠨ ᠰᠡᠳᠬᠦᠯ︾ ᠨᠢ ᠬᠤᠷᠲᠤᠨ ᠠᠯᠬᠤᠵᠦ ᠪᠡᠶ᠎ᠡ ᠴᠢᠬᠢᠷᠠᠭᠵᠢᠭᠤᠯᠬᠤ ᠶᠢᠨ | 8 ᠰᠠᠶᠢᠨ ᠲᠠᠯ᠎ᠠ ᠶᠢ ᠰᠤᠲᠤᠯᠭᠠᠨ ᠢᠶᠠᠷ ᠲᠠᠮᠵᠢᠨ ᠳ᠋ᠦᠩᠨᠡᠵᠦ ᠭᠠᠷᠭᠠᠪᠠ᠃ ᠭᠡᠷ ᠤᠨ ᠭᠠᠲᠠᠭ᠎ᠠ᠂ ᠡᠰᠡᠬᠦᠯ᠎ᠡ ᠭᠡᠷ ᠲᠤᠲᠤᠷ᠎ᠠ ᠪᠠᠨ ᠤᠷᠲᠤ ᠬᠤᠭᠤᠴᠠᠭ᠎ᠠ ᠬᠤᠷᠲᠤᠨ | ᠠᠯᠬᠤᠬᠤ ᠨᠢ ᠪᠦᠷ ᠡᠷᠡᠬᠦᠯ ᠮᠡᠨᠲᠦ ᠳᠤ ᠠᠰᠢᠬᠲᠠᠢ ᠪᠠᠶᠢᠲᠠᠭ᠃ ᠬᠡᠪᠡᠴᠦ ᠰᠤᠷᠭᠤᠭ ᠠᠭᠠᠷ ᠢ ᠠᠮᠢᠰᠬᠤᠯᠯᠠᠨ᠂ ᠡᠬᠡ ᠪᠠᠶᠢᠭᠠᠯᠢ ᠲᠠᠢ ᠤᠢᠢᠷᠠᠲᠤᠵᠦ᠂ ᠬᠦᠳᠡᠭᠡ | ᠭᠠᠲᠠᠭ᠎ᠠ ᠬᠦᠳᠡᠯᠭᠡᠭᠡᠨ ᠬᠢᠬᠦ ᠨᠢ ᠭᠡᠷ ᠲᠤᠲᠤᠷᠠᠬᠢ ᠪᠡᠶ᠎ᠡ ᠶᠢᠨ ᠲᠠᠮᠢᠷ ᠠᠴᠠ ᠨᠡᠩ ᠠᠰᠢᠬᠲᠠᠢ ᠭᠡᠵᠦ ᠰᠤᠲᠤᠯᠤᠭᠠᠴᠢᠳ ᠦᠵᠡᠵᠦ ᠪᠤᠢ᠃ | ᠲᠦᠭᠰᠢᠬᠦᠷᠢ ᠶᠢ ᠪᠠᠭᠠᠰᠬᠠᠨ᠎ᠠ᠃ 40 ᠨᠠᠰᠦᠨ ᠠᠴᠠ ᠲᠡᠭᠡᠭᠰᠢᠬᠢ ᠬᠦᠮᠦᠰ ᠡᠲᠦᠷ ᠪᠦᠷᠢ 8000 ᠠᠯᠬᠤᠮ ᠠᠴᠠ ᠢᠯᠡᠬᠦᠦ ᠠᠯᠬᠤᠪᠠᠯ᠂ ᠡᠲᠦᠷ ᠲᠤ 4000 | ᠠᠯᠬᠤᠮ ᠠᠯᠬᠤᠬᠰᠠᠨ ᠬᠦᠮᠦᠨ ᠠᠴᠠ ᠡᠷᠳᠡ ᠨᠠᠰᠤ ᠪᠠᠷᠠᠬᠤ ᠲᠦᠭᠰᠢᠬᠦᠷᠢ ᠨᠢ 51% ᠪᠠᠷ ᠪᠠᠭᠤᠷᠠᠨ᠎ᠠ᠃ | ᠴᠡᠭᠡᠵᠢᠯᠡᠬᠦ ᠴᠢᠲᠠᠪᠦᠷᠢ ᠶᠢ ᠲᠡᠭᠡᠭᠰᠢᠯᠡᠬᠦᠯᠦᠨ᠎ᠡ᠃ ᠬᠤᠷᠲᠤᠨ ᠠᠯᠬᠤᠬᠤ ᠨᠢ ᠶᠡᠭᠡ ᠲᠠᠷᠢᠬᠢᠨ ᠤ ᠡᠷᠬᠢᠯᠳᠡ ᠶᠢ ᠢᠳᠡᠪᠬᠢᠵᠢᠬᠦᠯᠵᠦ ᠴᠡᠬᠡᠵᠢᠯᠡᠬᠦ ᠴᠢᠲᠠᠪᠦᠷᠢ ᠶᠢ | ᠨᠡᠮᠡᠭᠳᠡᠬᠦᠯᠳᠡᠭ ᠪᠠᠶᠢᠨ᠎ᠠ᠃ ᠭᠠᠷᠠᠭ ᠪᠦᠷᠢ 3 ᠤᠲᠠᠭ᠎ᠠ᠂ ᠤᠲᠠᠭ᠎ᠠ ᠪᠦᠷᠢ 35 ᠮᠢᠨᠦ᠋ᠲ ᠠᠯᠬᠤᠬᠤ ᠨᠢ ᠴᠡᠭᠡᠵᠢᠯᠡᠬᠦ ᠴᠢᠲᠠᠪᠦᠷᠢ ᠶᠢ ᠲᠡᠭᠡᠭᠰᠢᠯᠡᠬᠦᠯᠵᠦ᠂ ᠠᠩᠬᠠᠷᠤᠯ ᠢ | ᠨᠡᠩ ᠲᠦᠪᠯᠡᠷᠡᠬᠦᠯᠳᠡᠭ᠃ | ᠮᠠᠷᠢᠶ᠎ᠠ ᠶᠢ ᠰᠢᠭᠤᠷᠠᠭᠤᠯᠤᠨ᠎ᠠ᠃ ᠤᠷᠲᠤ ᠬᠤᠭᠤᠴᠠᠭ᠎ᠠ ᠬᠤᠷᠲᠤᠨ ᠠᠯᠬᠤᠬᠤ ᠨᠢ ᠪᠡᠶ᠎ᠡ ᠶᠢᠨ ᠲᠤᠲᠤᠭᠠᠲᠦᠬᠢ ᠦᠬᠡᠬᠦ ᠶᠢ ᠪᠠᠭᠠᠰᠬᠠᠲᠠᠭ᠃ ᠰᠤᠲᠤᠯᠭᠠᠨ | ᠭᠡᠷᠡᠴᠢᠯᠡᠭᠰᠡᠨ ᠨᠢ ᠠᠯᠪᠠᠨ ᠠᠵᠢᠯ ᠲᠠᠢ ᠬᠦᠮᠦᠰ 15 ᠮᠢᠨᠦ᠋ᠲ ᠰᠤᠯᠠ ᠠᠯᠬᠤᠯᠠᠬᠤ ᠨᠢ ᠨᠢᠭᠡᠨᠳᠡ ᠢᠳᠡᠭᠰᠡᠨ ᠴᠤᠺᠤᠯᠠᠳ᠋ ᠤᠨ ᠺᠠᠯᠤᠷᠢ ᠶᠢ ᠬᠠᠭᠠᠰ ᠢᠶᠠᠷ | ᠪᠠᠭᠤᠷᠠᠭᠤᠯᠲᠠᠭ ᠪᠠᠶᠢᠨ᠎ᠠ᠃ | ᠬᠠᠷᠠᠭ᠎ᠠ ᠶᠢ ᠰᠠᠶᠢᠵᠢᠷᠠᠭᠤᠯᠤᠨ᠎ᠠ᠃ ᠡᠲᠦᠷ ᠪᠦᠷᠢ 1 ᠴᠠᠭ ᠠᠯᠬᠤᠪᠠᠯ ᠴᠠᠭᠠᠨ ᠬᠠᠷᠠᠩ ᠪᠤᠯᠬᠤ ᠲᠦᠭᠰᠢᠬᠦᠷᠢ ᠶᠢ ᠪᠠᠭᠤᠷᠠᠭᠤᠯᠲᠠᠭ᠃ ᠲᠠᠮᠢᠷ ᠤᠨ | ᠬᠦᠳᠡᠯᠭᠡᠭᠡᠨ ᠳᠤ ᠤᠷᠤᠯᠴᠠᠬᠤ ᠲᠤᠷ᠎ᠠ ᠦᠬᠡᠢ ᠬᠦᠮᠦᠰ ᠲᠠᠢ ᠬᠠᠷᠢᠴᠠᠭᠤᠯᠪᠠᠯ᠂ ᠬᠤᠷᠲᠤᠨ ᠠᠯᠬᠤᠬᠤ ᠶᠢ ᠪᠠᠷᠢᠮᠲᠠᠯᠠᠭᠰᠠᠭᠠᠷ ᠢᠷᠡᠭᠰᠡᠨ ᠬᠦᠮᠦᠰ ᠤᠨ ᠴᠡᠩᠭᠡᠷ ᠬᠠᠷᠠᠩ | ᠡᠪᠡᠳᠴᠢᠨ ᠳᠤ ᠨᠡᠷᠪᠡᠭᠳᠡᠬᠦ ᠨᠤᠷᠮ᠎ᠠ ᠨᠢ 73% ᠪᠠᠷ ᠲᠤᠤᠷ᠎ᠠ ᠪᠠᠶᠢᠲᠠᠭ᠃ | ᠨᠦᠢᠷ ᠢ ᠰᠠᠶᠢᠵᠢᠷᠠᠭᠤᠯᠤᠨ᠎ᠠ᠃ ᠡᠷᠳᠡ ᠪᠤᠰᠴᠦ 30 ᠮᠢᠨᠦ᠋ᠲ ᠠᠯᠬᠤᠪᠠᠯ᠂ 50 — 75 ᠨᠠᠰᠦᠨ ᠤ ᠡᠮᠡᠭᠳᠡᠶᠢᠴᠤᠳ ᠤᠨ ᠨᠦᠢᠷ ᠬᠤᠯᠵᠢᠬᠤ ᠨᠤᠷᠮ᠎ᠠ ᠶᠢ | 70 % ᠪᠠᠷ ᠪᠠᠭᠤᠷᠠᠭᠤᠯᠲᠠᠭ᠃ | ᠲᠠᠷᠤᠭᠠᠰᠦ ᠶᠢ ᠬᠦᠡᠭᠭᠡᠯᠡᠨ᠎ᠡ᠃ 60 — 90 ᠨᠠᠰᠦᠨ ᠤ ᠬᠦᠮᠦᠰ ᠲᠤ ᠴᠢᠭᠯᠡᠬᠦᠯᠦᠭᠰᠡᠨ ᠨᠢᠬᠡᠨ ᠰᠤᠲᠤᠯᠭᠠᠨ ᠳᠤ᠂ ᠬᠤᠷᠲᠤᠨ ᠠᠯᠬᠤᠯᠠᠬᠤ ᠨᠢ ᠲᠠᠷᠢᠬᠢ ᠶᠢ | ᠰᠡᠷᠬᠦᠭᠡᠵᠦ᠂ ᠰᠡᠳᠬᠢᠯ ᠤᠨ ᠲᠠᠷᠤᠭᠠᠰᠦ ᠶᠢ ᠬᠦᠡᠭᠭᠡᠯᠡᠳᠡᠭ ᠪᠠᠶᠢᠨ᠎ᠠ᠃ | ᠭᠠᠨᠭ᠍ᠰᠠᠷᠠᠬᠤ ᠡᠪᠡᠳᠴᠢᠨ ᠠᠴᠠ ᠰᠡᠷᠭᠡᠶᠢᠯᠡᠨ᠎ᠡ᠃ ᠡᠲᠦᠷ ᠪᠦᠷᠢ 1 ᠴᠠᠭ ᠠᠯᠬᠤᠬᠤ ᠨᠢ ᠭᠠᠩᠰᠠᠷᠠᠬᠤ ᠡᠪᠡᠳᠴᠢᠨ ᠳᠤ ᠨᠡᠷᠪᠡᠭᠳᠡᠬᠦ ᠲᠦᠭᠰᠢᠬᠦᠷᠢ ᠶᠢ 20% ᠪᠠᠷ | ᠪᠠᠭᠤᠷᠠᠭᠤᠯᠲᠠᠭ ᠪᠠᠶᠢᠨ᠎ᠠ᠃ | ᠡᠴᠦᠰ ᠲᠤᠨᠢ ᠲᠤᠯᠲᠠᠯ᠎ᠠ ᠪᠠᠷᠢᠮᠲᠠᠯᠠᠬᠤ ᠰᠠᠶᠢᠨ ᠲᠠᠳᠬᠠᠯ ᠲᠠᠢ ᠪᠤᠯᠵᠤ ᠴᠢᠳᠠᠨ᠎ᠠ᠃ ᠢᠮᠠᠭᠳᠠ ᠬᠤᠷᠲᠤᠨ ᠠᠯᠬᠤᠬᠤ ᠶᠢ ᠪᠠᠷᠢᠮᠳᠠᠯᠠᠬᠤ ᠨᠢ ᠪᠡᠶ᠎ᠡ ᠮᠠᠬᠠᠪᠤᠳ ᠢ | ᠴᠢᠬᠢᠷᠠᠬᠵᠢᠭᠤᠯᠬᠤ ᠶᠢᠨ ᠬᠠᠮᠲᠦ ᠪᠡᠶ᠎ᠡ ᠪᠠᠨ ᠲᠠᠭᠠᠭᠠᠬᠤ ᠴᠢᠲᠠᠪᠦᠷᠢ ᠶᠢ ᠲᠡᠭᠡᠭᠰᠢᠯᠡᠬᠦᠯᠳᠡᠭ᠃ ᠬᠤᠷᠲᠤᠨ ᠠᠯᠬᠤᠬᠤ ᠰᠠᠶᠢᠨ ᠲᠠᠳᠬᠠᠯ ᠲᠠᠢ ᠬᠦᠮᠦᠰ ᠶᠠᠮᠠᠷ | ᠶᠠᠪᠤᠲᠠᠯ ᠳᠤ ᠴᠦ ︽ᠲᠠᠪᠤᠰᠤ ᠶᠢ ᠬᠢᠪᠡᠯ ᠠᠭᠤᠰᠲᠠᠯ᠎ᠠ᠂ ᠠᠵᠢᠯ ᠢ ᠬᠢᠪᠡᠯ ᠲᠠᠭᠤᠰᠲᠠᠯ᠎ᠠ︾ ᠵᠤᠷᠢᠭ ᠰᠠᠨᠠᠭ᠎ᠠ ᠪᠠᠷ ᠢᠮᠠᠭᠳᠠ ᠪᠠᠷᠢᠮᠲᠠᠯᠠᠵᠦ ᠲᠡᠶᠢᠯᠬᠦ ᠪᠤᠯᠤᠨ᠎ᠠ᠃ | |