ᠵᠢᠮᠢᠰ ᠤᠨ ᠰᠢᠭᠦᠰᠥ ᠤᠤᠭᠤᠬᠤ ᠨᠢ ᠡᠷᠡᠭᠦᠯ ᠮᠡᠨᠳᠥ ᠳᠤ ᠬᠤᠣᠷ ᠬᠥᠨᠥᠭᠡᠯ ᠦᠭᠡᠢ ᠭᠡᠵᠤ ᠦᠦ︖ ᠵᠢᠮᠢᠰ ᠤᠨ ᠰᠢᠭᠦᠰᠥ ᠤᠤᠭᠤᠭᠰᠠᠨ ᠠᠴᠠ ᠪᠣᠯᠵᠤ ᠡᠷᠲᠡ ᠡᠷᠡᠰᠳᠡᠬᠦ ᠠᠶᠤᠯ ᠲᠦᠭᠰᠢᠭᠦᠷᠢ ᠰᠢᠬᠢᠷᠯᠢᠭ ᠤᠮᠳᠠᠭᠠᠨ ᠤᠤᠭᠤᠭᠰᠠᠨ ᠠᠴᠠ ᠬᠤᠯᠠ ᠥᠨᠳᠥᠷ ᠭᠡᠵᠤ ᠠᠮᠧᠷᠢᠺᠠ ᠶᠢᠨ ᠬᠢᠨ ᠮᠡᠳᠡᠭᠡᠯᠡᠯ᠎ᠡ
ᠨᠡᠶᠢᠲᠡᠯᠡᠭᠰᠡᠨ ᠴᠠᠭ᠄
2022/3/17
    ᠬᠡᠶᠢᠳᠥ ᠤᠮᠳᠠᠭᠠᠨ ᠪᠤᠶᠤ ᠨᠡᠭᠦᠷᠡᠰᠦ ᠬᠦᠴᠢᠯ ᠲᠠᠢ ᠤᠮᠳᠠᠭᠠᠨ ᠤ ᠡᠷᠡᠭᠦᠯ ᠮᠡᠨᠳᠥ ᠳᠤ ᠬᠤᠣᠷ ᠬᠥᠨᠥᠭᠡᠯᠲᠡᠢ ᠭᠡᠳᠡᠭ ᠢ ᠬᠥᠮᠥᠰ ᠰᠠᠶᠢᠨ ᠮᠡᠳᠡᠳᠡᠭ᠂ ᠭᠡᠬᠦ ᠳᠡᠭᠡᠨ ᠴᠤᠯᠤ ᠪᠠᠶᠢᠭᠠᠯᠢᠯᠢᠭ ᠵᠢᠮᠢᠰ ᠤᠨ ᠰᠢᠭᠦᠰᠥ ᠪᠠᠰᠠ ᠡᠷᠡᠭᠦᠯ ᠮᠡᠨᠳᠥ ᠳᠤ ᠮᠠᠭᠤ ᠨᠥᠯᠥᠭᠡ ᠲᠠᠢ ᠪᠠᠶᠢᠳᠠᠭ ᠢ ᠬᠥᠮᠥᠰ ᠬᠠᠷᠢᠨ ᠰᠠᠶᠢᠨ ᠮᠡᠳᠡᠬᠦ ᠦᠭᠡᠢ ᠶᠤᠮ᠃ ᠠᠮᠧᠷᠢᠺᠠ ᠶᠢᠨ ᠤᠳᠠᠰᠥᠳᠥ ᠲᠧᠯᠸᠢᠰ ᠤᠨ ᠰᠣᠨᠢᠨ ᠮᠡᠳᠡᠭᠡᠨ ᠤ ᠰᠦᠯᠵᠢᠶ᠎ᠡ ︵CNN︶ ᠳᠤ ᠮᠡᠳᠡᠭᠡᠯᠡᠭᠰᠡᠨ ᠢᠶᠠᠷ᠂ ᠥᠩᠭᠡᠷᠡᠭᠰᠡᠨ ᠭᠠᠷᠠᠭ ᠤᠨ ᠲᠠᠪᠤᠨ ᠳᠤ ︽ᠠᠮᠧᠷᠢᠺᠠ ᠶᠢᠨ ᠠᠨᠠᠭᠠᠬᠤ ᠤᠬᠠᠭᠠᠨ ᠤ ᠨᠡᠶᠢᠭᠡᠮᠯᠢᠭ ᠤᠨ ᠰᠡᠳᠭᠦᠯ︾ ᠤᠨ ᠰᠦᠯᠵᠢᠶᠡᠨ ᠳᠡᠭᠡᠷ᠎ᠡ ᠨᠡᠶᠢᠳᠡᠯᠡᠭᠳᠡᠭᠰᠡᠨ ᠰᠡᠭᠦᠯ ᠤᠨ ᠦᠶ᠎ᠡ ᠶᠢᠨ ᠰᠤᠳᠤᠯᠭᠠᠨ ᠮᠡᠳᠡᠭᠦᠯᠦᠯᠲᠡ ᠳᠤ᠂ ᠵᠠᠭᠤᠨ ᠬᠤᠪᠢ ᠶᠢᠨ ᠴᠤᠯᠤ ᠪᠠᠶᠢᠭᠠᠯᠢᠯᠢᠭ ᠵᠢᠮᠢᠰ ᠤᠨ ᠰᠢᠭᠦᠰᠥ ᠪᠠᠰᠠ ᠡᠷᠡᠭᠦᠯ ᠮᠡᠨᠳᠥ ᠳᠤ ᠠᠶᠤᠯ ᠲᠦᠭᠰᠢᠭᠦᠷᠢ ᠤᠴᠠᠷᠠᠭᠤᠯᠬᠤ ᠪᠣᠯᠣᠨ᠎ᠠ ᠭᠡᠵᠤ ᠲᠡᠮᠳᠡᠭᠯᠡᠭᠰᠡᠨ ᠪᠠᠶᠢᠨ᠎ᠠ᠃     ᠲᠤᠰ ᠰᠤᠳᠤᠯᠭᠠᠨ ᠤ ᠳᠤᠭ᠎ᠠ ᠪᠠᠷᠢᠮᠳᠠ ᠶᠢ ᠦᠨᠳᠦᠰᠦᠯᠡᠪᠡᠯ᠂ ᠡᠳᠦᠷ ᠲᠤ 12 ᠤᠨᠰ ︵355 ᠮᠢᠯᠯᠢᠳ᠋ᠷ︶ ᠵᠢᠮᠢᠰ ᠤᠨ ᠰᠢᠭᠦᠰᠥ ᠤᠤᠭᠤᠪᠠᠯ ᠡᠷᠡᠰᠳᠡᠬᠦ ᠠᠶᠤᠯ ᠲᠦᠭᠰᠢᠭᠦᠷᠢ ᠪᠠᠷᠤᠭ 1/4 ᠪᠤᠶᠤ 25% ᠪᠠᠷ ᠨᠡᠮᠡᠭᠳᠡᠳᠡᠭ᠃ ᠬᠠᠷᠢᠨ ᠡᠳᠦᠷ ᠲᠤ ᠠᠳᠠᠯᠢᠬᠠᠨ ᠬᠡᠮᠵᠢᠶᠡᠨ ᠤ ᠰᠢᠬᠢᠷᠯᠢᠭ ᠤᠮᠳᠠᠭᠠᠨ ᠤᠤᠭᠤᠪᠠᠯ ᠡᠷᠡᠰᠳᠡᠬᠦ ᠠᠶᠤᠯ ᠲᠦᠭᠰᠢᠭᠦᠷᠢ ᠵᠥᠪᠬᠡᠨ 11% ᠪᠠᠷ ᠨᠡᠮᠡᠭᠳᠡᠳᠡᠭ᠃ ᠡᠭᠦᠨ ᠠᠴᠠ ᠦᠵᠡᠪᠡᠯ᠂ ᠵᠢᠮᠢᠰ ᠤᠨ ᠰᠢᠭᠦᠰᠥᠨ ᠤ ᠬᠤᠣᠷᠳᠠᠯ ᠠᠴᠠ ᠪᠣᠯᠵᠤ ᠡᠷᠳᠡ ᠡᠷᠡᠰᠳᠡᠯ ᠠᠶᠤᠯ ᠲᠦᠭᠰᠢᠭᠦᠷᠢ ᠨᠢ ᠬᠦᠮᠥᠰ ᠤᠨ ᠣᠶᠢᠯᠠᠭᠠᠯᠲᠠ ᠳᠠᠬᠢ ᠰᠢᠬᠢᠷᠯᠢᠭ ᠤᠮᠳᠠᠭᠠᠨ ᠤ ᠡᠷᠡᠰᠳᠡᠯ ᠠᠴᠠ ᠬᠤᠯᠠ ᠦᠨᠳᠥᠷ ᠶᠤᠮ ᠪᠠᠶᠢᠨ᠎ᠠ᠃     ᠡᠨᠡ ᠳᠤᠬᠠᠢ ᠰᠤᠳᠤᠯᠤᠭᠠᠴᠢᠳ ᠵᠢᠭᠠᠬᠤ ᠳᠠᠭᠠᠨ᠂ ᠵᠢᠮᠢᠰ ᠤᠨ ᠰᠢᠭᠦᠰᠥᠨ ᠤ ᠰᠢᠭᠢᠷ ᠤᠨ ᠠᠭᠤᠯᠤᠭᠳᠠᠴᠠ ᠨᠢ ᠢᠨᠰᠦ᠋ᠯᠢᠨ ᠤ ᠡᠰᠡᠷᠭᠦᠴᠡᠬᠦ ᠦᠢᠯᠡᠳᠦᠯ ᠢ ᠨᠡᠮᠡᠭᠳᠡᠭᠦᠯᠥᠨ᠂ ᠬᠤᠷᠮᠠᠨ ᠤ ᠢᠯᠭᠠᠷᠠᠯᠳᠠ ᠶᠢ ᠢᠳᠡᠪᠬᠢᠵᠢᠭᠦᠯᠵᠦ᠂ ᠨᠢᠷᠤᠭᠤ ᠪᠡᠯᠭᠡᠭᠦᠰᠥ ᠶᠢᠨ ᠥᠭᠡᠬᠦ ᠶᠢ ᠨᠡᠮᠡᠭᠳᠡᠭᠦᠯᠵᠦ᠂ ᠵᠢᠷᠦᠬᠡᠨ ᠡᠪᠡᠳᠴᠢᠨ ᠪᠠ ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ ᠠᠶᠤᠯ ᠲᠦᠭᠰᠢᠭᠦᠷᠢ ᠶᠢ ᠨᠡᠮᠡᠭᠳᠡᠭᠦᠯᠳᠡᠭ ᠭᠡᠵᠡᠢ᠃     ᠡᠶᠢᠮᠦ ᠠᠴᠠ 1-6 ᠨᠠᠰᠤᠨ ᠤ ᠬᠡᠦᠬᠡᠳ ᠲᠤ ᠡᠳᠦᠷ ᠲᠤ 6 ᠤᠨᠰ ᠠᠴᠠ ᠢᠯᠡᠭᠦᠦ ᠵᠢᠮᠢᠰ ᠤᠨ ᠰᠢᠭᠦᠰᠥ ᠤᠤᠭᠤᠯᠭᠠᠵᠤ ᠪᠣᠯᠬᠤ ᠦᠭᠡᠢ᠂ ᠨᠠᠰᠤᠨ ᠳᠤ ᠬᠦᠷᠦᠭᠰᠡᠳ ᠡᠳᠦᠷ ᠲᠤ 8 ᠤᠨᠰ ᠠᠴᠠ ᠢᠯᠡᠭᠦᠦ ᠵᠢᠮᠢᠰ ᠤᠨ ᠰᠢᠭᠦᠰᠦ ᠤᠤᠭᠤᠵᠤ ᠪᠣᠯᠬᠤ ᠦᠭᠡᠢ ᠭᠡᠵᠤ ᠰᠤᠳᠤᠯᠤᠭᠠᠴᠢᠳ ᠰᠠᠨᠠᠭᠤᠯᠭ᠎ᠠ ᠪᠣᠯᠭᠠᠭᠰᠠᠨ ᠪᠠᠶᠢᠨ᠎ᠠ᠃  
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ