ᠮᠦᠰᠥ ᠴᠠᠰᠥᠨ ᠤ ᠳᠠᠷᠠᠭ᠎ᠠ ᠳᠠᠷᠢᠮᠠᠯ ᠢᠶᠠᠨ ᠬᠡᠷᠬᠢᠨ ᠠᠷᠠᠴᠢᠯᠠᠬᠤ ᠪᠤᠢ
ᠨᠡᠶᠢᠲᠡᠯᠡᠭᠰᠡᠨ ᠴᠠᠭ᠄
2022/3/18
   ᠡᠪᠤᠯᠵᠢᠬᠤ ᠪᠤᠭᠤᠳᠠᠢ ᠶᠡᠷᠥ ᠳᠤ ᠪᠠᠨ ᠡᠪᠤᠯᠵᠢᠬᠦ ᠬᠤᠭᠤᠴᠠᠭ᠎ᠠ ᠦᠬᠡᠢ᠂ ᠡᠪᠤᠯ ᠤᠨ ᠰᠡᠬᠦᠯᠴᠢ ᠬᠠᠪᠤᠷ ᠤᠨ ᠡᠬᠢ ᠪᠠᠷ ᠬᠡᠰᠡᠭ ᠭᠠᠵᠠᠷ ᠤᠷᠤᠨ ᠳᠤ ᠪᠤᠭᠤᠳᠠᠢ ᠨᠢ ᠨᠢᠭᠡᠨᠳᠡ ᠦᠶᠡᠳᠥᠵᠤ᠂ ᠴᠡᠴᠡᠭ ᠳᠡᠯᠭᠡᠷᠡᠳᠡᠭ᠃ ᠡᠨᠡ ᠦᠶ᠎ᠡ ᠳᠤ ᠴᠠᠰᠥ ᠮᠦᠰᠥᠨ ᠤ ᠭᠠᠮᠰᠢᠭ ᠳᠤᠬᠢᠶᠠᠯᠳᠤᠪᠠᠯ ᠪᠤᠭᠤᠳᠠᠢ ᠶᠢᠨ ᠤᠷᠭᠤᠯᠳᠠ ᠳᠤ ᠨᠦᠯᠥᠭᠡ ᠪᠤᠯᠳᠠᠭ ᠂ ᠳᠤᠤᠷᠠᠬᠢ ᠬᠠᠮᠢᠶᠠᠷᠤᠯᠳᠠ ᠶᠢᠨ ᠠᠷᠭ᠎ᠠ ᠪᠠᠷ ᠭᠠᠮᠰᠢᠭ ᠢ ᠪᠠᠭᠠᠰᠬᠠᠵᠤ ᠪᠤᠯᠤᠨ᠎ᠠ᠃    1. ᠬᠤᠷᠠᠭᠰᠠᠨ ᠴᠠᠰᠥ ᠬᠠᠶᠢᠯᠤᠭᠰᠠᠨ ᠤ ᠳᠠᠷᠠᠭ᠎ᠠ ᠬᠡᠷᠪᠡ ᠳᠠᠷᠢᠶᠠᠨ ᠳᠤ ᠤᠰᠥ ᠳᠤᠨᠤᠪᠠᠯ᠂ ᠳᠤᠤᠷ᠎ᠠ ᠨᠢ ᠭᠤᠤ ᠪᠠᠨ ᠴᠡᠪᠡᠷᠯᠡᠨ ᠤᠰᠥ ᠵᠠᠯᠠᠵᠤ᠂ ᠳᠡᠪᠳᠥᠬᠡᠬᠦ ᠭᠠᠮᠰᠢᠭ ᠠᠴᠠ ᠰᠡᠷᠬᠡᠶᠢᠯᠡᠬᠦ ᠬᠡᠷᠡᠭᠳᠡᠢ᠃   2. ᠪᠤᠭᠤᠳᠠᠢ ᠶᠢᠨ ᠳᠠᠷᠢᠶᠠᠨ ᠳᠤ ᠬᠤᠷᠠᠭᠰᠠᠨ ᠴᠠᠰᠥ ᠬᠠᠶᠢᠯᠤᠭᠠᠳ ᠬᠦᠷᠥᠰᠥ ᠰᠢᠷᠥᠢ ᠬᠡᠰᠥᠭᠰᠡᠨ ᠤ ᠳᠠᠷᠠᠭ᠎ᠠ ᠪᠤᠭᠤᠳᠠᠢ ᠶᠢᠨ ᠴᠢᠬᠢ ᠰᠡᠷᠬᠦᠨ ᠤᠷᠭᠤᠵᠤ ᠡᠬᠢᠯᠡᠬᠦ ᠦᠶ᠎ᠡ ᠳᠤ ᠬᠦᠮᠥᠰ ᠢ ᠳᠠᠷᠤᠢ ᠲᠦᠷᠭᠡᠨ ᠵᠤᠬᠢᠶᠠᠨ ᠪᠠᠶᠢᠭᠤᠯᠵᠤ᠂ ᠨᠡᠮᠡᠯᠳᠡ ᠪᠤᠷᠳᠤᠭᠤᠷ ᠤᠷᠤᠭᠤᠯᠬᠤ ᠬᠡᠷᠡᠭᠳᠡᠢ᠃ ᠶᠡᠷᠥ ᠳᠤ ᠪᠠᠨ ᠮᠦ ᠪᠦᠷᠢ ᠳᠤ ᠰᠢᠭᠡᠰᠦᠯᠢᠭ ᠡᠳ᠋ 5 ᠺᠢᠯᠥᠭᠷᠠᠮ ᠤᠷᠤᠭᠤᠯᠥᠨ᠎ᠠ᠃ ᠬᠦᠨᠳᠥ ᠬᠦᠯᠳᠡᠭᠰᠡᠨ᠂ ᠴᠢᠬᠢ ᠶᠢᠨ ᠪᠠᠶᠢᠳᠠᠯ ᠠᠨᠠᠢ ᠪᠦᠭᠡᠳ ᠬᠦᠷᠥᠰᠥᠨ ᠤ ᠬᠦᠴᠥ ᠰᠢᠮ᠎ᠡ ᠨᠢ ᠨᠡᠯᠢᠶᠡᠳ ᠳᠤᠤᠷ᠎ᠠ ᠪᠤᠭᠤᠳᠠᠢ ᠶᠢᠨ ᠳᠠᠷᠢᠶᠠᠨ ᠳᠤ ᠢᠯᠡᠬᠦᠭᠡᠨ ᠤᠷᠤᠭᠤᠯᠵᠤ᠂ ᠳᠡᠶᠢᠮᠥ ᠪᠢᠰᠢ ᠪᠤᠯ ᠪᠠᠭ᠎ᠠ ᠤᠷᠤᠭᠤᠯᠬᠤ ᠬᠡᠷᠡᠭᠳᠡᠢ᠃    3. ᠪᠤᠭᠤᠳᠠᠢ ᠶᠢᠨ ᠴᠢᠬᠢ ᠨᠢ ᠬᠦᠯᠳᠡᠭᠰᠡᠨ ᠠᠴᠠ ᠪᠤᠯᠵᠤ᠂ ᠤᠷᠭᠠᠨᠢᠭ ᠪᠡᠶ᠎ᠡ ᠶᠢᠨ ᠡᠪᠡᠳᠴᠢᠨ ᠡᠰᠡᠷᠬᠦᠴᠡᠬᠦ ᠴᠢᠳᠠᠯ ᠨᠢ ᠪᠠᠭᠤᠷᠠᠳᠠᠭ ᠲᠤᠯᠠ ᠡᠪᠡᠳᠴᠢᠨ ᠬᠤᠷᠤᠬᠠᠢ ᠶᠢ ᠬᠢᠨᠠᠨ ᠪᠠᠶᠢᠴᠠᠭᠠᠬᠤ ᠬᠢᠭᠡᠳ ᠰᠡᠷᠬᠡᠶᠢᠯᠡᠨ ᠵᠠᠰᠠᠬᠤ ᠠᠵᠢᠯ ᠢ ᠴᠠᠭ ᠲᠤᠬᠠᠢ ᠳᠤ ᠨᠢ ᠰᠠᠶᠢᠳᠥᠷ ᠬᠢᠬᠦ ᠬᠡᠷᠡᠭᠳᠡᠢ᠃    ᠵᠢᠮᠢᠰ ᠤᠨ ᠮᠤᠳᠥ ᠴᠠᠰᠥ ᠵᠤᠳ ᠳᠤᠬᠢᠶᠠᠯᠳᠤᠪᠠᠯ ᠠᠳᠠᠯᠢ ᠪᠤᠰᠥ ᠵᠢᠮᠢᠰ ᠤᠨ ᠮᠤᠳᠥᠨ ᠤ ᠰᠤᠷᠲ ᠪᠤᠯᠤᠨ ᠠᠳᠠᠯᠢ ᠪᠤᠰᠥ ᠭᠠᠮᠰᠢᠭᠳᠠᠭᠰᠠᠨ ᠪᠠᠶᠢᠳᠠᠯ ᠳᠤ ᠬᠠᠨᠳᠤᠭᠤᠯᠥᠨ ᠠᠳᠠᠯᠢ ᠪᠤᠰᠥ ᠶᠢᠨ ᠠᠪᠤᠷᠠᠬᠤ ᠠᠷᠭ᠎ᠠ ᠪᠠᠷᠢᠯ ᠢ ᠠᠪᠴᠥ ᠪᠤᠯᠤᠨ᠎ᠠ᠃    1. ᠶᠠᠭᠤᠨ ᠤ ᠡᠮᠥᠨ᠎ᠡ ᠴᠠᠰᠥᠨ ᠳᠤ ᠳᠠᠷᠤᠭᠳᠠᠵᠤ ᠬᠠᠵᠠᠶᠢᠭᠰᠠᠨ ᠤᠷᠭᠤᠮᠠᠯ ᠤᠨ ᠮᠤᠳᠥ ᠶᠢ ᠴᠠᠭ ᠲᠤᠬᠠᠢ ᠳᠤ ᠨᠢ ᠪᠤᠰᠬᠠᠨ᠎ᠠ᠃    2. ᠬᠤᠭᠤᠷᠠᠭᠰᠠᠨ᠂ ᠬᠦᠨᠳᠥ ᠰᠦᠷᠡᠬᠡᠢ ᠪᠠᠯᠪᠠᠷᠠᠵᠤ ᠬᠤᠭᠤᠷᠠᠭᠠᠳ ᠰᠡᠷᠬᠦᠭᠡᠬᠦ ᠳᠤ ᠬᠦᠴᠢᠷᠳᠡᠢ ᠶᠡᠭᠡ ᠰᠠᠯᠠᠭ᠎ᠠ ᠶᠢ ᠴᠠᠭ ᠲᠤᠬᠠᠢ ᠳᠤ ᠨᠢ ᠤᠭᠳᠤᠯᠵᠤ᠂ ᠳᠡᠷᠡ ᠳᠠᠷᠤᠢ ᠳᠤ ᠨᠢ ᠸᠠᠽᠧᠯᠢᠨ᠂ ᠤᠶᠠᠩᠭᠠᠳᠥ ᠮᠤᠳᠥᠨ ᠤ ᠲᠤᠰᠥ ᠪᠤᠶᠤ ᠱᠢ ᠯᠠ ᠶᠢ ᠰᠢᠷᠬ᠎ᠠ ᠳᠡᠭᠡᠷ᠎ᠡ ᠨᠢ ᠲᠦᠷᠬᠢᠵᠤ ᠦᠭᠬᠦ ᠬᠡᠷᠡᠭᠳᠡᠢ᠃   3. ᠡᠪᠡᠳᠴᠢᠨ ᠬᠤᠷᠤᠬᠠᠢ ᠶᠢᠨ ᠭᠠᠮᠰᠢᠭ ᠢ ᠰᠡᠷᠬᠡᠶᠢᠯᠡᠨ ᠵᠠᠰᠠᠬᠤ ᠪᠤᠯᠤᠨ ᠴᠡᠴᠡᠭ ᠵᠢᠮᠢᠰ ᠢ ᠬᠠᠮᠠᠭᠠᠯᠠᠬᠤ ᠠᠵᠢᠯ ᠢ ᠴᠠᠭ ᠲᠤᠬᠠᠢ ᠳᠤ ᠨᠢ ᠴᠢᠩᠭᠠᠳᠬᠠᠵᠤ᠂ ᠲᠤᠰ ᠵᠢᠯ ᠤᠨ ᠤᠨᠠᠯᠳᠠ ᠶᠢ ᠠᠯᠢ ᠴᠢᠳᠠᠬᠤ ᠪᠠᠷ ᠪᠠᠳᠤᠯᠠᠬᠤ ᠬᠡᠷᠡᠭᠳᠡᠢ᠃   
ᠢᠷᠡᠯᠲᠡ᠄ ︽ᠮᠠᠯᠴᠢᠨ ᠳᠠᠷᠢᠶᠠᠴᠢᠨ ᠤ ᠬᠡᠷᠡᠭᠯᠡᠭᠡᠨ ᠤ ᠮᠡᠷᠭᠡᠵᠢᠯ ᠴᠤᠪᠤᠷᠠᠯ ᠪᠢᠴᠢᠭ︾ ᠠᠴᠠ ᠠᠪᠤᠪᠠ