ᠪᠦᠲᠡᠩᠰᠡᠭᠰᠡᠨ ᠲᠤᠷᠤᠢ ᠶᠢ ᠬᠡᠷᠭᠢᠨ ᠲᠦᠷᠭᠡᠨ ᠠᠪᠤᠷᠠᠬᠤ ᠪᠣᠢ
ᠨᠡᠶᠢᠲᠡᠯᠡᠭᠰᠡᠨ ᠴᠠᠭ᠄
2022/3/18
   ᠵᠠᠷᠢᠮ ᠲᠤᠷᠤᠢ ᠲᠦᠷᠦᠭᠰᠡᠨ ᠳᠠᠷᠤᠢ ᠳᠠᠭᠠᠨ ᠠᠮᠢᠰᠬᠤᠯ ᠨᠢ ᠵᠣᠭᠰᠤᠵᠤ ᠪᠦᠬᠦ ᠪᠡᠶ᠎ᠡ ᠨᠢ ᠰᠤᠯᠲᠠᠶᠢᠬᠤ ᠢᠯᠡᠷᠡᠯ  ᠭᠠᠷᠳᠠᠭ ᠶᠤᠮ᠃ ᠭᠡᠪᠡᠴᠦ ᠠᠮᠠ ᠪᠠᠨ ᠠᠩᠭᠠᠶᠢᠨ ᠬᠡᠢ ᠰᠤᠷᠤᠵᠤ ᠵᠢᠷᠦᠭᠡ ᠨᠢ ᠮᠦᠨ ᠴᠣᠬᠢᠯᠠᠵᠤ ᠪᠠᠶᠢᠳᠠᠭ᠃ ᠡᠨᠡ  ᠪᠣᠯ ᠲᠤᠷᠤᠢ ᠶᠢᠨ ᠪᠦᠲᠡᠩᠰᠡᠭᠰᠡᠨ ᠦᠵᠡᠭᠳᠡᠯ ᠮᠦᠨ᠂ ᠡᠨᠡ ᠦᠶ᠎ᠡ ᠳᠤ ᠲᠦᠷᠭᠡᠨ ᠠᠪᠤᠷᠠᠯᠲᠠ ᠶᠢᠨ ᠠᠷᠭ᠎ᠠ ᠠᠪᠤᠪᠠᠯ  ᠠᠮᠢ ᠣᠷᠤᠵᠤ ᠪᠣᠯᠤᠨ᠎ᠠ᠃        1. ᠲᠤᠷᠤᠢ ᠶᠢᠨ ᠠᠮᠠ ᠬᠠᠮᠠᠷ ᠲᠠᠬᠢ ᠨᠢᠯᠲᠠᠭ ᠰᠢᠩᠭᠡᠨ ᠢ ᠴᠡᠪᠡᠷ ᠪᠦᠰ ᠢᠶᠠᠷ ᠠᠷᠴᠢᠨ ᠴᠡᠪᠡᠷᠯᠡᠭᠰᠡᠨ ᠤ ᠳᠠᠷᠠᠭ᠎ᠠ᠂ ᠡᠪᠡᠰᠦᠨ ᠳᠡᠪᠢᠭᠰᠡᠭᠡᠷ ᠳᠡᠭᠡᠷ᠎ᠡ ᠲᠠᠯᠪᠢᠭᠠᠳ ᠬᠤᠶᠠᠷ ᠬᠠ ᠠᠴᠠ ᠨᠢ ᠠᠳᠬᠤᠵᠤ ᠡᠮᠦᠨᠡᠰᠢ ᠬᠤᠶᠢᠰᠢ ᠠᠶᠢᠵᠠᠮᠳᠠᠶᠢᠬᠠᠨ ᠵᠢᠬᠢᠯᠭᠡᠬᠦ ᠶᠢᠨ ᠬᠠᠮᠲᠦ ᠭᠠᠷ ᠤᠨ ᠠᠯᠠᠭ᠎ᠠ ᠪᠠᠷ ᠢᠶᠠᠨ ᠬᠤᠶᠠᠷ ᠲᠠᠯ᠎ᠠ ᠶᠢᠨ ᠬᠠᠪᠢᠷᠭᠠᠨ ᠳᠡᠭᠡᠷ᠎ᠡ ᠨᠢ  ᠬᠦᠩᠭᠡᠭᠡᠨ ᠳᠠᠷᠤᠨ᠎ᠠ᠃         2. ᠪᠠᠷᠠᠭᠤᠨ ᠭᠠᠷ ᠤᠨ ᠠᠯᠠᠭ᠎ᠠ ᠪᠠᠷ ᠢᠶᠠᠨ ᠲᠤᠷᠤᠢ ᠶᠢᠨ ᠴᠡᠭᠡᠵᠢᠨ ᠳᠡᠭᠡᠷ᠎ᠡ ᠨᠢᠭᠡ ᠴᠢᠩᠭ᠎ᠠ ᠨᠢᠭᠡ ᠰᠤᠯᠠ ᠪᠠᠷ ᠠᠶᠢᠵᠠᠮ ᠲᠠᠢ ᠲᠠᠷᠤᠬᠤ ᠶᠢᠨ ᠬᠠᠮᠲᠤ ᠬᠠᠮᠠᠷ ᠤᠷᠤᠭᠤ ᠨᠢ ᠬᠡᠢ ᠦᠯᠢᠶᠡᠨ᠎ᠡ᠃       3. ᠪᠦᠲᠡᠩᠰᠡᠭᠰᠡᠨ ᠲᠤᠷᠤᠢ ᠶᠢ ᠬᠤᠶᠢᠲᠦ ᠬᠤᠶᠠᠷ ᠮᠦᠴᠢ ᠠᠴᠠ ᠨᠢ ᠳᠡᠭᠦᠵᠢᠯᠡᠭᠡᠳ ᠭᠠᠷ ᠢᠶᠠᠷ ᠢᠶᠠᠨ ᠴᠡᠭᠡᠵᠢ ᠪᠠ ᠨᠢᠷᠤᠭᠤᠨ ᠳᠡᠭᠡᠷ᠎ᠡ ᠨᠢ ᠬᠦᠩᠭᠡᠭᠡᠨ ᠠᠯᠠᠭᠠᠳᠠᠵᠤ ᠠᠮᠠ ᠬᠤᠭᠤᠯᠠᠢ ᠳᠠᠬᠢ ᠨᠢᠯᠲᠠᠭ ᠰᠢᠩᠭᠡᠨ ᠪᠠ ᠬᠠᠭ ᠤᠨ  ᠤᠰᠤ ᠶᠢ ᠨᠢ ᠬᠦᠨᠳᠦᠷᠴᠦ ᠭᠠᠷᠭᠠᠨ᠎ᠠ᠃       4. ᠲᠤᠷᠤᠢ ᠶᠢᠨ ᠴᠡᠭᠡᠵᠢᠨ ᠬᠡᠰᠡᠭ ᠢ ᠰᠫᠢᠷᠲ ᠢᠶᠠᠷ ᠵᠦᠯᠭᠦᠬᠦ ᠪᠤᠶᠤ ᠬᠠᠮᠠᠷ ᠤᠷᠤᠭᠤ ᠨᠢ ᠳᠠᠮᠠᠬᠢᠨ ᠬᠡᠮᠬᠡᠳᠡᠭ  ᠦᠯᠢᠶᠡᠨ ᠰᠡᠲᠦᠯᠲᠡ ᠦᠭᠴᠦ ᠪᠠᠶᠢᠭᠠᠳ ᠠᠮᠢᠰᠬᠤᠭᠤᠯᠤᠨ᠎ᠠ᠃      5. ᠨᠢᠭᠡ ᠬᠦᠮᠦᠨ ᠬᠤᠷᠤᠭᠤ ᠪᠠᠷ ᠢᠶᠠᠨ ᠲᠤᠷᠤᠢ ᠶᠢᠨ ᠬᠤᠰᠬᠢᠨᠠᠭ ᠬᠢᠭᠡᠳ ᠠᠮᠠ ᠶᠢ ᠪᠦᠭᠯᠡᠵᠦ᠂ ᠨᠦᠭᠦᠭᠡᠳᠡᠬᠢ ᠨᠢ ᠬᠦᠢᠰᠦ ᠶᠢ ᠨᠢ ᠴᠢᠩᠭ᠎ᠠ ᠴᠢᠮᠬᠢᠨ᠎ᠡ᠂ ᠢᠩᠭᠢᠭᠡᠳ ᠬᠦᠢᠰᠦᠨ ᠳᠡᠭᠡᠷ᠎ᠡ ᠨᠢ ᠬᠦᠷᠪᠡᠯᠵᠡᠭᠦ ᠪᠠᠶᠢᠳᠠᠯ ᠭᠠᠷᠪᠠᠯ  ᠬᠤᠶᠠᠭᠤᠯᠠ ᠪᠠᠨ ᠭᠠᠷ ᠢᠶᠠᠨ ᠬᠠᠮᠲᠦ ᠲᠠᠯᠪᠢᠨ᠎ᠠ᠃      6. ᠠᠮᠢ ᠣᠷᠤᠭᠰᠠᠨ ᠲᠤᠷᠤᠢ ᠶᠢ ᠳᠤᠯᠠᠭᠠᠨ ᠭᠡᠷ ᠲᠤ ᠣᠷᠤᠭᠤᠯᠵᠤ ᠴᠡᠪᠡᠷᠬᠡᠨ ᠡᠪᠡᠰᠤ ᠳᠡᠪᠢᠰᠴᠤ ᠦᠭᠭᠦᠭᠡᠳ ᠪᠡᠶ᠎ᠡ ᠳᠡᠭᠡᠷᠡᠬᠢ ᠨᠢᠯᠳᠠᠭ ᠡᠳ᠋ ᠢ ᠨᠢ ᠵᠦᠯᠭᠦᠵᠦ ᠠᠷᠴᠢᠬᠤ ᠶᠢᠨ ᠬᠠᠮᠲᠦ ᠴᠠᠭ ᠲᠤᠬᠠᠢ ᠳᠤᠨᠢ ᠡᠬᠡ ᠳᠤᠨᠢ ᠲᠠᠯᠪᠢᠵᠦ  ᠬᠦᠬᠦᠭᠦᠯᠦᠨ᠎ᠡ᠃       
ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠤᠮ