ᠠᠯᠲᠠᠨᠰᠠᠩ ᠭᠡᠰᠢᠭᠦᠨ᠄ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠬᠥᠮᠦᠵᠢᠯ ᠤᠨ  ᠪᠤᠳᠠᠲᠠᠢ ᠪᠦᠲᠦᠮᠵᠢᠲᠦ ᠴᠢᠨᠠᠷ ᠢ ᠴᠢᠩᠭᠠᠳᠬᠠᠬᠤ ᠬᠡᠷᠡᠭᠲᠡᠶ
ᠨᠡᠶᠢᠲᠡᠯᠡᠭᠰᠡᠨ ᠴᠠᠭ᠄
2022/3/22
    ᠶᠡᠷᠦᠩᠬᠡᠢ ᠱᠦᠵᠢ  ᠰᠢ ᠶᠢᠨ  ᠫᠢᠩ  ᠠᠷᠪᠠᠨ  ᠭᠤᠷᠪᠠᠳᠤᠭᠠᠷ  ᠬᠤᠭᠤᠴᠠᠭᠠᠨ ᠤ  ᠪᠦᠬᠦ  ᠤᠯᠤᠰ ᠤᠨ  ᠠᠷᠠᠳ ‍ᠤᠨ‌‍ᠲ᠋ᠥ᠋ᠯᠥᠭᠡᠯᠡᠭᠴᠢᠳ ᠤᠨ ᠶᠡᠭᠡ ᠬᠤᠷᠠᠯ ᠤᠨ ᠲᠠᠪᠤᠳᠤᠭᠠᠷ ᠬᠤᠷᠠᠯ ᠤᠨ ᠥᠪᠥᠷ ᠮᠣᠩᠭᠤᠯ ᠤᠨ ᠲᠥᠯᠥᠭᠡᠯᠡᠭᠴᠢᠳ ᠤᠨ ᠪᠦᠯᠬᠦᠮ ᠤᠨ ᠬᠢᠨᠠᠨ‌ᠵᠥ᠋ᠪᠯᠡᠬᠦ ᠳ᠋ᠤ᠋‌ᠣᠷᠣᠯᠴᠠᠬᠤ ᠳᠠᠭᠠᠨ᠂ ᠦᠨᠳᠦᠰᠦᠲᠡᠨ ‍ᠤ‌‍ᠪᠦ᠋ᠯᠬᠦᠮᠳᠡᠯ ᠪᠣᠯ ᠮᠠᠨ ᠤ    ᠤᠯᠤᠰ ‍ᠤᠨ‌ᠦᠨᠳᠦᠰᠦᠲᠡᠨ ᠨᠦᠭᠦᠳ ᠤᠨ ᠠᠷᠠᠳ ᠲᠦᠮᠡᠨ ᠤ ᠠᠮᠢᠨ ᠰᠤᠳᠠᠰᠤ  ᠮᠥᠨ᠂  ᠳᠤᠮᠳᠠᠳᠤ ᠶᠢᠨ  ᠦᠨᠳᠦᠰᠦᠲᠡᠨ ᠤ  ᠬᠠᠮᠲᠤ ᠵᠢᠨ‌‍ᠴᠣᠭᠴᠠ ᠶᠢᠨ ᠤᠬᠠᠮᠰᠠᠷ  ᠪᠣᠯ  ᠦᠨᠳᠦᠰᠦᠲᠡᠨ ᠤ  ᠪᠦᠯᠬᠦᠮᠳᠡᠯ ᠤᠨ  ᠦᠨᠳᠦᠰᠦ  ᠮᠥᠨ  ᠭᠡᠵᠦ  ᠴᠢᠬᠤᠯᠠᠴᠢᠯᠠᠵᠠᠢ᠃  ᠪᠦᠬᠦ ᠤᠯᠤᠰ ᠤᠨ ᠤᠯᠤᠰ ᠲᠦᠷᠦ ᠶᠢᠨ ᠵᠥᠪᠯᠡᠯᠭᠡᠨ ᠤ ᠭᠡᠰᠢᠭᠦᠨ᠂  ᠥᠪᠥᠷ  ᠮᠣᠩᠭᠤᠯ ᠤᠨ  ᠪᠠᠭᠰᠢ ᠶᠢᠨ ᠶᠡᠭᠡ ᠰᠤᠷᠭᠠᠭᠤᠯᠢ ᠶᠢᠨ ᠨᠠᠮ ᠤᠨ ᠬᠤᠷᠢᠶᠠᠨ ᠤ ᠱᠦᠵᠢ ᠠᠯᠲᠠᠨᠰᠠᠩ ᠡᠭᠦᠨ ᠳᠤ ᠮᠠᠰᠢ ᠭᠦᠨ ᠲᠦᠷᠦᠭᠳᠡᠯ ᠲᠠᠢ ᠪᠠᠶᠢᠯ᠎ᠠ᠂  ᠲᠡᠷᠡ᠄  ︽ᠦᠨᠳᠦᠰᠦᠲᠡᠨ ‍ᠤ‌‍ᠪᠦ᠋ᠯᠬᠦᠮᠳᠡᠯ ᠨᠢ ᠪᠢᠳᠡᠨ ᠤ ᠬᠥᠮᠦᠨ ᠪᠦᠷᠢ ᠳᠤ ᠠᠪᠴᠤ ᠬᠡᠯᠡᠪᠡᠯ ᠨᠡᠷᠡᠨ ᠤ ᠭᠡᠷᠡᠯ᠂ ᠠᠭᠠᠷ ᠪᠣᠯᠤᠨ ᠤᠰᠤ ᠰᠢᠭ᠋ ᠪᠠᠶᠢᠳᠠᠭ᠂ ᠠᠰᠢᠭ‌‍ᠬᠦ᠋ᠷᠲᠡᠭᠰᠡᠨ ᠢᠶᠠᠨ ᠰᠡᠷᠡᠵᠦ ᠮᠡᠳᠡᠬᠦ ᠦᠭᠡᠢ᠂ ᠠᠯᠳᠠᠪᠠᠯ ᠣᠷᠣᠰᠢᠨ  ᠲᠣᠭᠲᠠᠨᠢᠬᠤ ᠳᠤ  ᠬᠦᠴᠢᠷ  ᠶᠤᠮ᠂  ᠡᠭᠦᠨ ᠢ  ᠣᠨᠴᠠᠭᠠᠢ ᠨᠠᠨᠳᠢᠩᠨᠠᠬᠤ ᠬᠡᠷᠡᠭᠲᠡᠢ︾ ᠭᠡᠯ᠎ᠡ᠃   

3.21.访谈 阿拉腾桑.jpg

    

  

 ᠠᠯᠲᠠᠨᠰᠠᠩ ᠤᠨ ᠦᠵᠡᠬᠦ ᠪᠠᠷ᠂ ᠦᠨᠳᠦᠰᠦ ᠶᠢ ᠪᠤᠶᠢᠵᠢᠭᠤᠯᠵᠤ ᠰᠦᠭ ᠰᠦᠨᠡᠰᠦ ᠶᠢ ᠱᠤᠭᠤᠵᠤ᠂ ᠣᠶᠤᠨ ᠤᠬᠠᠭᠠᠨ ᠢ‌ᠨᠡᠭᠡᠭᠡᠭᠳᠡᠭᠦᠯᠦᠨ ᠰᠡᠳᠬᠢᠯ ᠢ ᠤᠮᠳᠠᠯᠠᠨ᠎ᠠ᠃ 

ᠰᠤᠷᠭᠠᠨ  ᠬᠥᠮᠦᠵᠢᠯ ᠨᠢ  ᠮᠠᠨ ᠤ  ᠤᠯᠤᠰ ᠤᠨ  ᠦᠨᠳᠦᠰᠦᠲᠡᠨ ᠤ  ᠠᠵᠢᠯ ᠳᠤ ᠣᠨᠴᠠᠭᠠᠶ ᠴᠢᠬᠤᠯᠠ ᠡᠭᠦᠷᠭᠡ ᠶᠢ ᠡᠭᠦᠷᠭᠡᠯᠡᠵᠦ ᠪᠠᠶᠢᠳᠠᠭ᠂ ᠰᠤᠷᠭᠠᠭᠤᠯᠢ  ᠪᠣᠯ 

ᠳᠤᠮᠳᠠᠳᠤ ᠶᠢᠨ  ᠦᠨᠳᠦᠰᠦᠲᠡᠨ ᠤ  ᠬᠠᠮᠲᠤ ᠵᠢᠨ‌‍ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠴᠢᠬᠤᠯᠠ ᠵᠢᠭᠰᠠᠭᠠᠯ ᠤᠨ ᠭᠠᠵᠠᠷ ᠮᠥᠨ᠃ ᠤᠢᠢᠷ᠎ᠠ ᠶᠢᠨ  ᠵᠢᠯ ᠳᠤ᠂

  ᠰᠤᠷᠭᠠᠨ‌‍ᠬᠥ᠋ᠮᠦᠵᠢᠯ ᠤᠨ  ᠰᠢᠰᠲ᠋ᠧᠮ ᠤᠨ ᠬᠢᠨ  ᠳᠤᠮᠳᠠᠳᠤ ᠶᠢᠨ  ᠦᠨᠳᠦᠰᠦᠲᠡᠨ ᠤ  ᠬᠠᠮᠲᠤ ᠶᠢᠨ  ᠴᠣᠭᠴᠠ ᠶᠢᠨ  ᠤᠬᠠᠮᠰᠠᠷ ᠢ  ᠪᠠᠲᠤ‌‍ᠴᠣᠭᠴᠠᠯᠠᠬᠤ

ᠬᠥᠮᠦᠵᠢᠯ ᠤᠨ ᠳᠤᠮᠳᠠ ᠶᠡᠭᠡ ᠬᠡᠮᠵᠢᠶᠡᠨ ᠤ ᠠᠵᠢᠯ  ᠬᠢᠵᠦ᠂  ᠢᠳᠡᠪᠬᠢᠲᠡᠢ  ᠠᠬᠢᠴᠠ ᠲᠠᠢ  ᠪᠣᠯᠤᠭᠰᠠᠨ  ᠪᠣᠯᠪᠠᠴᠤ‌ᠠᠬᠢᠴᠠ ᠡᠷᠴᠢᠮ ᠨᠢ ᠲᠡᠩᠴᠡᠭᠦᠷᠢ ᠦᠭᠡᠢ᠂

ᠰᠦᠭ ᠰᠦᠨᠡᠰᠦ ᠶᠢ ᠱᠤᠭᠤᠵᠤ ᠬᠥᠮᠦᠨ ᠢ  ᠬᠥᠮᠦᠵᠢᠭᠦᠯᠬᠦ ᠨᠢ  ᠭᠦᠨᠵᠡᠭᠡᠢ  ᠪᠢᠰᠢ᠂ᠡᠷᠳᠡᠮ ᠰᠢᠨᠵᠢᠯᠡᠭᠡᠨ ᠤ ᠲᠤᠯᠭᠠᠭᠤᠷᠢᠯᠠᠯ ᠨᠢ ᠬᠦᠴᠦᠲᠡᠢ ᠪᠢᠰᠢ ᠵᠡᠷᠭᠡ 

ᠠᠰᠠᠭᠤᠳᠠᠯ  ᠣᠷᠣᠰᠢᠵᠤ  ᠪᠠᠶᠢᠨ᠎ᠠ᠃  ᠡᠨᠡ ᠨᠢ  ᠳᠠᠷᠤᠢ‌‍ᠶᠣᠰᠣ  ᠰᠤᠷᠲᠠᠬᠤᠨ ᠢᠶᠠᠷ  ᠬᠥᠮᠦᠨ ᠢ  ᠬᠥᠮᠦᠵᠢᠭᠦᠯᠬᠦ  ᠪᠠᠲᠤᠯᠠᠭ᠎ᠠ ᠶᠢᠨ   ᠲᠣᠭᠲᠠᠴᠠ ᠶᠢ  ᠲᠦᠷᠭᠡᠨ 

ᠲᠡᠭᠦᠯᠳᠡᠷᠵᠢᠭᠦᠯᠵᠦ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠬᠥᠮᠦᠵᠢᠯ ᠢ  ᠶᠡᠭᠡ  ᠳᠤᠮᠳᠠᠳᠤ ᠪᠠᠭ᠎ᠠ

ᠰᠤᠷᠭᠠᠭᠤᠯᠢ ᠳᠤ ᠲᠦᠭᠡᠮᠡᠯᠵᠢᠭᠦᠯᠵᠦ᠂ ᠨᠢᠭᠡ ᠴᠤᠬᠴᠠᠵᠢᠭᠤᠯᠬᠤ ᠶᠢ ᠠᠬᠢᠭᠤᠯᠬᠤ ᠴᠢᠬᠤᠯᠠᠲᠠᠢ᠃       

   ᠠᠯᠲᠠᠨᠰᠠᠩ ᠰᠠᠨᠠᠭᠤᠯᠭ᠎ᠠ ᠳᠠᠭᠠᠨ᠂ ᠬᠢᠴᠢᠶᠡᠯ ᠤᠨ ᠦᠵᠡᠯ ᠰᠠᠨᠠᠭ᠎ᠠ ᠤᠯᠤᠰ ᠲᠥᠷᠥ ᠪᠠ  ᠦᠵᠡᠯ  ᠰᠠᠨᠠᠭ᠎ᠠ  ᠤᠯᠤᠰ ᠲᠥᠷᠥ ᠶᠢᠨ ᠬᠢᠴᠢᠶᠡᠯ ᠤᠨ

ᠥᠭᠡᠷᠡᠴᠢᠯᠡᠯᠲᠡ ᠶᠢ  ᠶᠡᠭᠡ ᠪᠠᠷ  ᠠᠬᠢᠭᠤᠯᠵᠤ᠂ ᠳᠤᠮᠳᠠᠳᠤ ᠶᠢᠨ  ᠦᠨᠳᠦᠰᠦᠲᠡᠨ ᠤ  ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠶᠢ ᠡᠯ᠎ᠡ

ᠱᠠᠲᠤᠨ ᠤ  ᠡᠯ᠎ᠡ  ᠲᠥᠷᠥᠯ ᠤᠨ  ᠰᠤᠷᠭᠠᠭᠤᠯᠢ ᠶᠢᠨ  ᠵᠠᠪᠠᠯ  ᠰᠤᠷᠬᠤ ᠬᠢᠴᠢᠶᠡᠯ ᠪᠣᠯᠭᠠᠬᠤ ᠬᠡᠷᠡᠭᠲᠡᠶ︔ ᠶᠡᠭᠡ ᠳᠤᠮᠳᠠᠳᠤ  ᠪᠠᠭ᠎ᠠ ᠰᠤᠷᠭᠠᠭᠤᠯᠢ ᠶᠢᠨ ᠡᠯ᠎ᠡ 

ᠰᠤᠷᠤᠯᠭ᠎ᠠ ᠶᠢᠨ  ᠱᠠᠳᠤ᠂  ᠠᠭᠤᠯᠭ᠎ᠠ ᠶᠢ ᠣᠷᠭᠠᠨᠢᠭ ᠢᠶᠠᠷ  ᠵᠣᠯᠭᠠᠭᠤᠯᠤᠭᠰᠠᠨ  ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ  ᠴᠣᠭᠴᠠ ᠶᠢᠨ ᠤᠬᠠᠮᠰᠠᠷ ᠢ  ᠪᠠᠲᠤ

ᠴᠣᠭᠴᠠᠯᠠᠬᠤ ᠰᠤᠷᠭᠠᠨ ᠬᠥᠮᠦᠵᠢᠯ ᠤᠨ ᠵᠢᠭᠠᠬᠤ  ᠮᠠᠲ᠋ᠧᠷᠢᠶᠠᠯ  ᠪᠣᠯᠤᠨ  ᠵᠢᠭᠠᠨ  ᠰᠤᠷᠭᠠᠯᠲᠠ ᠶᠢᠨ  ᠬᠥᠲᠥᠯᠪᠦᠷᠢ ᠶᠢ  ᠲᠦᠷᠭᠡᠨ‌‍ᠲ᠋ᠣᠭᠲᠠᠭᠠᠬᠤ ᠬᠡᠷᠡᠭᠲᠡᠢ︔ ᠪᠥᠬᠦ

ᠤᠯᠤᠰ ᠤᠨ ᠦᠨᠳᠦᠰᠦᠲᠡᠨ ᠤ  ᠪᠦᠯᠬᠦᠮᠳᠡᠯ  ᠳᠠᠪᠰᠢᠯᠲᠠ ᠶᠢᠨ  ᠵᠢᠱᠢᠶ᠎ᠡ  ᠦᠵᠡᠭᠦᠯᠬᠦ  ᠨᠢᠭᠡ ᠪᠦᠯᠦᠭ  ᠰᠤᠷᠭᠠᠭᠤᠯᠢ ᠶᠢ  ᠪᠤᠶᠢᠵᠢᠭᠤᠯᠤᠨ  ᠪᠠᠶᠢᠭᠤᠯᠵᠤ᠂ ᠵᠢᠱᠢᠶ᠎ᠡ

ᠦᠵᠡᠭᠦᠯᠵᠦ ᠬᠥᠲᠥᠯᠥᠨ ᠳᠠᠭᠠᠭᠤᠯᠬᠤ ᠦᠢᠯᠡᠳᠤᠯ ᠢ ᠪᠠᠳᠠᠷᠠᠭᠤᠯᠤᠨ᠎ᠠ︔ ᠦᠨᠳᠦᠰᠦᠲᠡᠨ ᠤ ᠰᠤᠷᠤᠭᠴᠢ ᠲᠥᠪᠯᠡᠷᠡᠭᠰᠡᠨ ᠳᠡᠭᠡᠳᠦ  ᠰᠤᠷᠭᠠᠭᠤᠯᠢ  ᠪᠣᠯᠤᠨ 

ᠦᠨᠳᠦᠰᠦᠲᠡᠨ ᠤ  ᠭᠠᠵᠠᠷ ᠣᠷᠣᠨ ᠤ  ᠪᠠᠭᠰᠢ ᠶᠢᠨ  ᠲᠥᠷᠥᠯ ᠤᠨ  ᠳᠡᠭᠡᠳᠦ  ᠰᠤᠷᠭᠠᠭᠤᠯᠢ ᠳᠤ  ︽ᠤᠯᠤᠰ ᠠᠴᠠ  ᠦᠭᠡ  ᠬᠡᠯᠡ  ᠦᠰᠦᠭ  ᠪᠢᠴᠢᠭ ᠢ

ᠳᠡᠯᠭᠡᠷᠡᠭᠦᠯᠬᠦ ᠰᠠᠭᠤᠷᠢᠨ ᠭᠠᠵᠠᠷ︾ ᠪᠠᠶᠢᠭᠤᠯᠬᠤ ᠡᠷᠴᠢᠮ ᠢ ᠴᠢᠩᠭᠠᠷᠠᠭᠤᠯᠵᠤ᠂ ᠤᠯᠤᠰ  ᠤᠨ ᠨᠡᠶᠢᠳᠡᠮ  ᠬᠡᠷᠡᠭᠯᠡᠬᠦ  ᠦᠭᠡ ᠬᠡᠯᠡ ᠦᠰᠦᠭ ᠪᠢᠴᠢᠭ ᠢ ᠳᠡᠯᠭᠡᠷᠡᠭᠦᠯᠦᠨ

ᠲᠦᠭᠡᠮᠡᠯᠵᠢᠭᠦᠯᠬᠦ ᠳᠤ ᠪᠠᠭᠰᠢ ᠴᠢᠳᠠᠪᠤᠷᠢᠲᠠᠨ ᠤ ᠪᠠᠲᠤᠯᠠᠭ᠎ᠠ ᠬᠠᠩᠭᠠᠪᠠᠯ ᠵᠤᠬᠢᠨ᠎ᠠ ᠭᠡᠪᠡ᠃      

   ︽ᠦᠨᠳᠦᠰᠦᠲᠡᠨ ᠤ ᠭᠠᠵᠠᠷ ᠣᠷᠣᠨ ᠤ  ᠶᠡᠭᠡ  ᠳᠡᠭᠡᠳᠦ  ᠰᠤᠷᠭᠠᠭᠤᠯᠢ ᠶᠢᠨ  ᠦᠨᠳᠦᠰᠦᠲᠡᠨ ᠨᠦᠭᠦᠳ ᠤᠨ  ᠪᠠᠭᠰᠢ ᠰᠤᠷᠤᠭᠴᠢᠳ᠂ ᠦᠨᠳᠦᠰᠦᠲᠡᠨ ᠤ

ᠰᠤᠳᠤᠯᠤᠯ ᠤᠨ ᠬᠢᠴᠢᠶᠡᠯ ᠲᠦᠷᠦᠯ ᠤᠨ ᠴᠢᠳᠠᠪᠤᠷᠢᠲᠠᠨ ᠤ ᠡᠬᠢ ᠪᠠᠶᠠᠯᠢᠭ ᠤᠨ ᠴᠤᠭᠯᠠᠷᠠᠯ ᠤᠨ ᠣᠨᠴᠠᠯᠢᠭ ᠪᠠ ᠳᠠᠪᠠᠭᠤᠯᠢᠭ ᠢ ᠭᠦᠢᠴᠡᠳ ᠪᠣᠳᠣᠯᠬᠢᠯᠠᠵᠤ᠂

ᠳᠤᠮᠳᠠᠳᠤ ᠶᠢᠨ ᠦᠨᠳᠦᠰᠦᠲᠡᠨ ᠤ  ᠬᠠᠮᠲᠤ ᠶᠢᠨ  ᠴᠣᠭᠴᠠ ᠶᠢᠨ ᠤᠬᠠᠮᠰᠠᠷ ᠢ  ᠪᠠᠲᠤ  ᠴᠣᠭᠴᠠᠯᠠᠬᠤ  ᠤᠯᠤᠰ ᠤᠨ  ᠲᠠᠰ ᠤᠨ  ᠰᠤᠳᠤᠯᠭᠠᠨ ᠤ  ᠰᠠᠭᠤᠷᠢᠨ 

ᠭᠠᠵᠠᠷ ᠤᠨ  ᠪᠠᠶᠢᠷᠢᠰᠢᠭᠤᠯᠤᠯᠲᠠ᠂ ᠦᠨᠳᠦᠰᠦᠲᠡᠨ ᠤ ᠠᠵᠢᠯ ᠤᠨ ᠣᠨᠣᠯ ᠬᠢᠭᠡᠳ ᠦᠢᠯᠡᠳᠦᠯᠭᠡ ᠶᠢᠨ ᠴᠢᠬᠤᠯᠠ  ᠶᠡᠭᠡ  ᠰᠢᠨᠵᠢᠯᠡᠬᠦ  ᠤᠬᠠᠭᠠᠨ ᠤ  ᠰᠤᠳᠤᠯᠭᠠᠨ ᠤ

ᠲᠥᠷᠥᠯ  ᠵᠥᠢᠯ  ᠲᠣᠭᠲᠠᠭᠠᠬᠤ᠂  ᠦᠨᠳᠦᠰᠦᠲᠡᠨ ᠤ  ᠰᠤᠳᠤᠯᠤᠯ ᠤᠨ  ᠬᠢᠴᠢᠶᠡᠯ  ᠲᠦᠷᠦᠯ   ᠤᠨ ᠲᠤᠰᠬᠠᠶ ᠮᠡᠷᠭᠡᠵᠢᠯ ᠢ‌‍ᠰᠢᠯᠢᠳᠡᠭᠵᠢᠭᠦᠯᠦᠨ ᠲᠣᠬᠢᠷᠠᠭᠤᠯᠬᠤ ᠵᠡᠷᠭᠡ

ᠲᠠᠯ᠎ᠠ ᠪᠠᠷ ᠭᠤᠤᠯᠳᠠᠯᠭ᠎ᠠ ᠲᠠᠢ ᠳᠡᠮᠵᠢᠬᠦ ᠪᠠ ᠬᠥᠲᠥᠯᠥᠨ  ᠵᠢᠯᠣᠭᠤᠳᠬᠤ ᠶᠢ  ᠬᠦᠰᠡᠵᠦ ᠪᠠᠶᠢᠨ᠎ᠠ︾ ᠭᠡᠵᠦ ᠠᠯᠲᠠᠨᠰᠠᠩ ᠬᠡᠯᠡᠪᠡ᠃

   

 

ᠢᠷᠡᠯᠲᠡ᠄ ᠠᠷᠠᠳ ᠤᠨ ᠰᠦᠯᠵᠢᠶ᠎ᠡ