| ᠤᠯᠤᠰ ᠤᠨ ᠬᠠᠯᠳᠠᠪᠤᠷᠢᠲᠤ ᠡᠪᠡᠳᠴᠢᠨ ᠤ ᠡᠮᠴᠢᠯᠡᠭᠡᠨ ᠤ ᠲᠥᠪ ᠭᠠᠵᠠᠷ ᠤᠨ ᠡᠷᠬᠢᠯᠡᠭᠴᠢ ᠵᠠᠩ ᠸᠧᠨ ᠬᠤᠩ ᠪᠯᠤᠭ ᠳᠡᠭᠡᠷ᠎ᠡ ᠪᠠᠨ ᠲᠡᠮᠳᠡᠭᠯᠡᠬᠦ ᠳᠡᠭᠡᠨ᠂ | ᠪᠦᠬᠦ ᠤᠯᠤᠰ ᠢᠶᠠᠷ ᠢᠶᠠᠨ ᠰᠡᠳᠬᠢᠯ ᠨᠢᠭᠡᠳᠦᠨ ᠬᠢᠵᠢᠭ ᠢ ᠰᠡᠷᠭᠡᠶᠢᠯᠡᠨ ᠳᠠᠷᠤᠭᠰᠠᠨ ᠤ ᠠᠴᠢ ᠪᠠᠷ᠂ ᠮᠠᠨ ᠤ ᠤᠯᠤᠰ ᠬᠢᠵᠢᠭ ᠬᠠᠯᠳᠠᠪᠤᠷᠢᠯᠠᠬᠤ ᠨᠣᠷᠮ᠎ᠠ ᠪᠣᠯᠣᠨ | ᠡᠷᠡᠰᠳᠡᠬᠦ ᠨᠣᠷᠮ᠎ᠠ ᠶᠢ ᠪᠦᠷ ᠮᠠᠰᠢ ᠳᠣᠣᠷ᠎ᠠ ᠬᠡᠮᠵᠢᠶᠡᠨ ᠳᠤ ᠬᠢᠵᠠᠭᠠᠷᠯᠠᠵᠤ ᠴᠢᠳᠠᠭᠰᠠᠨ ᠶᠤᠮ᠃ ᠭᠡᠪᠡᠴᠦ ᠴᠠᠭᠠᠨ ᠰᠠᠷ᠎ᠠ ᠠᠴᠠ ᠬᠤᠶᠢᠰᠢ ᠣᠯᠠᠨ ᠭᠠᠵᠠᠷ ᠲᠤ | ᠣᠮᠢᠺᠷᠣᠨ ᠸᠢᠷᠦ᠋ᠰ ᠶᠡᠭᠡ ᠪᠠᠷ ᠳᠡᠯᠭᠡᠷᠡᠯ᠎ᠡ ᠭᠡᠵᠡᠢ᠃ | ᠵᠠᠩ ᠸᠧᠨ ᠬᠤᠩ ᠬᠡᠯᠡᠬᠦ ᠳᠡᠭᠡᠨ᠂ ᠪᠢᠳᠠᠨ ᠤ ᠰᠤᠳᠤᠯᠤᠨ ᠰᠢᠨᠵᠢᠯᠡᠭᠰᠡᠨ ᠢᠶᠠᠷ᠂ ᠡᠨᠡ ᠡᠭᠡᠯᠵᠢᠨ ᠤ ᠣᠮᠢᠺᠷᠣᠨ ᠸᠢᠷᠦ᠋ᠰ ᠤᠨ ᠬᠢᠵᠢᠭ ᠨᠢ ᠲᠦᠷᠭᠡᠨ | ᠳᠡᠯᠭᠡᠷᠡᠭᠰᠡᠨ ᠪᠣᠯᠪᠠᠴᠤ ᠸᠢᠷᠦ᠋ᠰ ᠤᠨ ᠬᠤᠣᠷ ᠨᠢ ᠢᠯᠡᠷᠬᠡᠢ ᠰᠤᠯᠠᠷᠠᠵᠠᠢ᠃ ᠣᠯᠠᠨ ᠨᠡᠶᠢᠲᠡ ᠪᠠᠷ ᠢᠶᠠᠨ ᠳᠠᠷᠬᠠᠯᠠᠭ᠎ᠠ ᠲᠠᠢ ᠪᠣᠯᠣᠭᠰᠠᠨ ᠤᠯᠤᠰ ᠣᠷᠣᠨ ᠤ ᠪᠠᠶᠢᠳᠠᠯ | ᠠᠴᠠ ᠠᠪᠴᠤ ᠦᠵᠡᠪᠡᠯ ᠡᠷᠡᠰᠳᠡᠬᠦ ᠨᠣᠷᠮ᠎ᠠ ᠨᠢ ᠶᠡᠭᠡ ᠪᠠᠷ ᠪᠠᠭᠤᠷᠠᠭᠰᠠᠨ ᠪᠠᠶᠢᠨ᠎ᠠ᠃ ᠡᠶᠢᠮᠦ ᠠᠴᠠ ᠬᠢᠯᠢ ᠶᠢᠨ ᠪᠣᠭᠤᠮᠲᠠ᠂ ᠤᠯᠤᠰ ᠤᠨ ᠳᠣᠲᠣᠭᠠᠳᠤ ᠳᠤ ᠪᠦᠷ | ᠨᠡᠭᠡᠭᠡᠯᠲᠡ ᠲᠠᠢ ᠪᠣᠯᠭᠠᠬᠤ ᠠᠴᠠ ᠡᠮᠦᠨ᠎ᠡ ᠪᠢᠳᠠ ᠠᠯᠢ ᠪᠤᠯᠬᠤ ᠪᠠᠷ ᠭᠤᠷᠪᠠᠨ ᠸᠠᠺᠼᠢᠨ ᠢ ᠪᠦᠷᠢᠨ ᠳᠠᠷᠢᠵᠤ᠂ ᠭᠡᠷ ᠲᠡᠭᠡᠨ ᠲᠤᠰᠠᠭᠠᠷᠯᠠᠬᠤ ᠰᠡᠷᠭᠡᠶᠢᠯᠡᠯᠲᠡ ᠶᠢᠨ | ᠠᠷᠭ᠎ᠠ ᠬᠡᠮᠵᠢᠶ᠎ᠡ ᠶᠢ ᠲᠡᠭᠦᠯᠳᠡᠷᠵᠢᠭᠦᠯᠦᠭᠰᠡᠨ ᠰᠠᠭᠤᠷᠢᠨ ᠳᠡᠭᠡᠷ᠎ᠡ ᠮᠠᠨ ᠳᠤ ᠠᠶᠤᠵᠤ ᠰᠣᠴᠢᠬᠤ ᠬᠡᠷᠡᠭ ᠦᠭᠡᠢ ᠪᠤᠯᠤᠨ᠎ᠠ᠃ ᠣᠳᠣ ᠬᠠᠪᠤᠷ ᠤᠨ ᠵᠢᠩ ᠲᠠᠢ ᠪᠠᠶᠢᠭ᠎ᠠ | ᠪᠣᠯᠪᠠᠴᠤ ᠤᠷᠢᠨ ᠳᠤᠯᠠᠭᠠᠨ ᠤᠳᠠᠯ ᠦᠭᠡᠢ ᠢᠷᠡᠨ᠎ᠡ ᠭᠡᠵᠡᠢ᠃ | | |