ᠣᠯᠠᠨ ᠪᠠᠩᠬᠢ ᠠᠯᠪᠠᠨ ᠵᠠᠷ ᠨᠡᠶᠢᠲᠡᠯᠡᠪᠡ
ᠨᠡᠶᠢᠲᠡᠯᠡᠭᠰᠡᠨ ᠴᠠᠭ᠄
2022/3/22
                       ᠢᠲᠡᠭᠡᠮᠵᠢ ᠶᠢᠨ ᠺᠠᠷᠲ ᠨᠢ ᠤᠷᠢᠳ ᠢᠶᠠᠷ ᠬᠡᠷᠡᠭᠯᠡᠵᠦ ᠳᠠᠷᠠᠭ᠎ᠠ ᠨᠢ ᠵᠣᠭᠤᠰ ᠢᠶᠠᠨ ᠪᠤᠴᠠᠭᠠᠵᠤ  ᠪᠣᠯᠤᠨ᠎ᠠ᠂  ᠡᠨᠡ ᠪᠣᠯ ᠴᠥᠭᠡᠨ ᠪᠤᠰᠤ ᠬᠥᠮᠦᠨ ᠤ ᠳᠤᠷᠠᠲᠠᠶ ᠵᠠᠷᠤᠯᠭ᠎ᠠ ᠲᠦᠯᠦᠪᠤᠷᠢ ᠶᠢᠨ ᠪᠠᠭᠠᠵᠢ ᠮᠥᠨ᠂ ᠣᠳᠣᠬᠠᠨ ᠳᠤ ᠮᠠᠨ ᠤ  ᠤᠯᠤᠰ ᠤᠨ ᠢᠲᠡᠭᠡᠮᠵᠢ ᠶᠢᠨ ᠺᠠᠷᠲ ᠪᠣᠯᠤᠨ ᠵᠢᠭᠡᠯᠡᠯᠭᠡ ᠶᠢ ᠨᠡᠶᠢᠯᠡᠭᠦᠯᠦᠭᠰᠡᠨ ᠺᠠᠷᠲ ᠤᠨ  ᠲᠠᠷᠬᠠᠭᠠᠯᠲᠠ  ᠨᠢᠭᠡᠨᠲᠡ  8  ᠳ᠋ᠦᠩᠰᠢᠭᠤᠷ ᠢ ᠳᠠᠪᠠᠭᠰᠠᠨ ᠪᠠᠶᠢᠨ᠎ᠠ᠃ ᠭᠡᠪᠡᠴᠦ ᠪᠠᠩᠬᠢ‌ᠨᠢ ᠢᠲᠡᠭᠡᠮᠵᠢ ᠶᠢᠨ ᠺᠠᠷᠲ ᠤᠨ ᠪᠡᠯᠡ ᠮᠥᠩᠭᠦ ᠶᠢᠨ ᠬᠡᠷᠡᠭᠯᠡᠭᠡ ᠳᠤ  ᠱᠠᠭᠠᠷᠳᠠᠯᠭ᠎ᠠ ᠲᠠᠢ ᠪᠠᠶᠢᠳᠠᠭ᠂ ᠣᠶᠢᠷ᠎ᠠ ᠳᠤ ᠣᠯᠠᠨ ᠪᠠᠩᠬᠢ ᠵᠠᠯᠭᠠᠭ᠎ᠠ ᠪᠠᠷ ᠠᠯᠪᠠᠨ  ᠵᠠᠷ  ᠨᠡᠶᠢᠲᠡᠯᠡᠵᠦ᠂  ᠢᠲᠡᠭᠡᠮᠵᠢ ᠶᠢᠨ  ᠺᠠᠷᠲ ᠤᠨ  ᠪᠡᠯᠡ ᠮᠥᠩᠭᠦ ᠶᠢᠨ ᠬᠠᠮᠢᠶᠠᠷᠤᠯᠲᠠ ᠡᠵᠡᠮᠳᠡᠯ ᠢ ᠴᠢᠩᠭᠠᠳᠬᠠᠪᠠ᠃               ᠲᠠᠷᠢᠶᠠᠯᠠᠩ ᠤᠨ ᠪᠠᠩᠬᠢ ᠣᠶᠢᠷ᠎ᠠ ᠳᠤ ᠠᠯᠪᠠᠨ ᠵᠠᠷ ᠨᠡᠶᠢᠲᠡᠯᠡᠵᠦ᠂  ᠲᠣᠰ  ᠰᠠᠷ᠎ᠠ ᠠᠴᠠ  ᠡᠬᠢᠯᠡᠨ  ᠢᠲᠡᠭᠡᠮᠵᠢ ᠶᠢᠨ ᠺᠠᠷᠲ ᠤᠨ ᠨᠠᠪᠴᠢᠨ ᠲᠠᠮᠠᠬᠢ ᠶᠢᠨ ᠣᠷᠣᠯᠠᠨ  ᠰᠠᠭᠤᠳᠬᠠᠬᠤ  ᠠᠷᠠᠯᠵᠢᠶ᠎ᠠ ᠶᠢ  ᠠᠯᠬᠤᠮ  ᠠᠯᠬᠤᠮ ᠢᠶᠠᠷ  ᠬᠠᠭᠠᠨ᠎ᠠ ᠭᠡᠪᠡ᠂ ᠡᠭᠦᠨ ᠠᠴᠠ ᠡᠮᠦᠨ᠎ᠡ᠂ ᠰᠢᠤᠳᠠᠨ ᠤ ᠬᠠᠳᠠᠭᠠᠯᠠᠮᠵᠢ ᠶᠢᠨ ᠪᠠᠩᠬᠢ᠂ ᠪᠥᠲᠥᠭᠡᠨ ᠪᠠᠶᠢᠭᠤᠯᠤᠯᠲᠠ ᠶᠢᠨ ᠪᠠᠩᠬᠢ ᠵᠡᠷᠭᠡ ᠣᠯᠠᠨ  ᠪᠠᠩᠬᠢ ᠴᠤ ᠵᠠᠯᠭᠠᠭ᠎ᠠ ᠪᠠᠷ ᠠᠯᠪᠠᠨ ᠵᠠᠷ ᠨᠡᠶᠢᠲᠡᠯᠡᠵᠦ᠂ ᠢᠲᠡᠭᠡᠮᠵᠢ ᠶᠢᠨ ᠺᠠᠷᠲ ᠤᠨ ᠪᠠᠯᠠ ᠮᠥᠩᠭᠦ ᠪᠠᠷ ᠬᠡᠷᠡᠭᠯᠡᠭᠡ ᠶᠢ  ᠳᠡᠮᠵᠢᠬᠦ ᠶᠢ ᠲᠣᠳᠣᠷᠬᠠᠶ  ᠲᠣᠭᠲᠠᠭᠠᠭᠰᠠᠨ  ᠪᠣᠯᠪᠠᠴᠤ  ᠬᠡᠷ   ᠪᠠᠶᠢᠰᠢᠩ  ᠭᠠᠵᠠᠷ  ᠰᠢᠷᠣᠶ ᠶᠢᠨ  ᠬᠥᠷᠥᠩᠭᠡ ᠶᠢᠨ  ᠠᠷᠠᠯᠵᠢᠶ᠎ᠠ  ᠵᠢᠴᠢ  ᠪᠠᠯᠠ ᠣᠷᠣᠭᠤᠯᠤᠯᠲᠠ ᠵᠡᠷᠭᠡ ᠶᠢ ᠳᠡᠮᠵᠢᠬᠦ ᠥᠬᠡᠶ ᠪᠠᠶᠢᠪᠠ᠃                ᠵᠠᠮ ᠨᠡᠪᠲᠡᠷᠡᠯᠭᠡ ᠶᠢᠨ ᠪᠠᠩᠬᠢ ᠶᠢᠨ ᠢᠲᠡᠭᠡᠮᠵᠢ ᠶᠢᠨ ᠺᠠᠷᠲ ᠤᠨ ᠲᠥᠪ ᠤᠨ  ᠪᠡᠭᠡᠵᠢᠩ ᠤᠨ  ᠬᠤᠪᠢᠶᠠᠷᠢ  ᠲᠥᠪ ᠤᠨ ᠳᠡᠳ᠋ ᠶᠡᠷᠦᠩᠬᠡᠶ ᠳᠠᠭᠠᠭᠠᠮᠠᠯ ᠷᠦᠩ ᠾᠧ ᠵᠢᠶᠦ᠋ᠨ᠄ ᠬᠡᠷ ᠬᠥᠷᠥᠩᠭᠡ ᠶᠢᠨ ᠭᠠᠶᠢᠯᠢ ᠶᠢ ᠪᠠᠭᠲᠠᠭᠠᠭᠰᠠᠨ ᠠᠩᠬ᠎ᠠ ᠲᠤᠰᠢᠶᠠᠬᠤ ᠮᠥᠩᠭᠦ᠂ ᠪᠠᠯᠠ  ᠣᠷᠣᠭᠤᠯᠤᠯᠲᠠ᠂ ᠡᠳ᠋ ᠤᠨ ᠶᠠᠪᠤᠳᠠᠯ ᠤᠨ ᠬᠠᠮᠢᠶᠠᠷᠤᠯᠲᠠ᠂  ᠰᠠᠭᠤᠷᠢ ᠮᠥᠩᠭᠦ᠂ ᠳᠠᠭᠠᠳᠬᠠᠯ ᠵᠡᠷᠭᠡ ᠶᠢ ᠪᠠᠭᠲᠠᠭᠠᠭᠰᠠᠨ ᠡᠳᠡᠭᠡᠷ ᠲᠦᠷᠦᠯ ᠢ ᠴᠥᠮ ᠠᠷᠠᠯᠵᠢᠶᠠᠯᠠᠵᠤ ᠪᠣᠯᠬᠤ ᠥᠬᠡᠶ᠃ ᠪᠥᠭᠡᠮ ᠢᠶᠠᠷ ᠪᠤᠷᠤᠯᠠᠭᠤᠯᠬᠤ ᠲᠠᠸᠠᠷ᠂  ᠵᠢᠱᠢᠶᠡᠯᠡᠪᠡᠯ ᠨᠠᠪᠴᠢᠨ ᠲᠠᠮᠠᠬᠢ ᠶᠢ ᠣᠷᠣᠯᠠᠨ ᠰᠠᠭᠤᠳᠬᠠᠬᠤ᠂ ᠣᠷᠣᠯᠠᠨ ᠲᠤᠰᠢᠶᠠᠬᠤ  ᠮᠡᠲᠦ ᠶᠢ  ᠪᠠᠭᠲᠠᠭᠠᠭᠰᠠᠨ  ᠲᠠᠸᠠᠷ ᠤᠨ  ᠠᠷᠠᠯᠵᠢᠶ᠎ᠠ ᠳᠤ ᠬᠡᠷᠡᠭᠯᠡᠵᠦ ᠪᠣᠯᠬᠤ ᠦᠭᠡᠢ᠂ ᠭᠡᠪᠡᠴᠦ ᠬᠡᠷᠪᠡ ᠬᠤᠪᠢ ᠬᠥᠮᠦᠨ ᠨᠠᠪᠴᠢᠨ ᠲᠠᠮᠠᠬᠢ ᠶᠢ ᠵᠢᠵᠢᠭᠯᠡᠨ ᠬᠤᠳᠠᠯᠳᠤᠬᠤ  ᠮᠠᠶᠢᠮᠠᠢ  ᠬᠢᠬᠦ ᠳᠤ ᠬᠦᠷᠪᠡᠯ ᠠᠷᠠᠯᠵᠢᠶᠠᠯᠠᠵᠤ ᠪᠣᠯᠤᠨ᠎ᠠ ᠭᠡᠪᠡ᠃                ᠡᠭᠦᠨ ᠠᠴᠠ ᠡᠮᠦᠨ᠎ᠡ᠂ ᠪᠠᠩᠬᠢ ᠪᠠ ᠳᠠᠭᠠᠳᠬᠠᠯ ᠤᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠠᠴᠠ ᠪᠠᠩᠬᠢ ᠶᠢᠨ ᠠᠵᠦ ᠦᠢᠯᠡᠰ ᠤᠨ ᠮᠥᠩᠭᠦᠨ ᠭᠦᠢᠯᠭᠡᠭᠡᠨ ᠤ ᠪᠠᠶᠢᠭᠤᠯᠤᠮᠵᠢ ᠢᠲᠡᠭᠡᠮᠵᠢ ᠶᠢᠨ ᠺᠠᠷᠲ ᠤᠨ ᠪᠠᠯᠠ ᠮᠥᠩᠭᠦ ᠶᠢᠨ ᠪᠣᠳᠠᠲᠠᠶ ᠬᠡᠷᠡᠭᠴᠡᠭᠡ ᠶᠢ ᠣᠨᠣᠪᠴᠢᠲᠠᠶ ᠬᠢᠨᠠᠨ ᠬᠡᠮᠵᠢᠵᠦ ᠬᠠᠮᠢᠶᠠᠷᠤᠨ ᠡᠵᠡᠮᠳᠡᠬᠦ ᠬᠡᠷᠡᠭᠲᠡᠶ ᠭᠡᠵᠦ ᠲᠣᠳᠣᠷᠬᠠᠶ ᠳᠤᠷᠠᠳᠤᠨ ᠭᠠᠷᠭᠠᠵᠠᠶ᠃  ᠢᠲᠡᠭᠡᠮᠵᠢ ᠶᠢᠨ ᠺᠠᠷᠲ ᠤᠨ ᠪᠡᠯᠡ ᠮᠥᠩᠭᠦ ᠶᠢ ᠵᠢᠭᠡᠯᠡᠯᠭᠡ ᠪᠤᠴᠠᠭᠠᠬᠤ᠂ ᠪᠡᠯᠡ ᠣᠷᠣᠭᠤᠯᠬᠤ ᠵᠡᠷᠭᠡ ᠬᠦᠷᠢᠶᠡᠨ ᠳᠤ ᠬᠡᠷᠡᠭᠯᠡᠵᠦ  ᠪᠣᠯᠬᠤ  ᠦᠭᠡᠢ᠂ ᠲᠦᠷᠦ ᠶᠢᠨ ᠪᠤᠳᠤᠯᠭ᠎ᠠ ᠶᠢᠨ ᠬᠢᠵᠠᠭᠠᠷᠯᠠᠯ  ᠲᠠᠢ ᠪᠤᠶᠤ ᠴᠠᠭᠠᠵᠠᠯᠠᠬᠤ ᠴᠢᠨᠠᠷᠲᠠᠢ ᠬᠦᠷᠢᠶᠡᠨ ᠳᠤ ᠣᠷᠣᠬᠤ ᠶᠢ ᠴᠢᠩᠭ᠎ᠠ ᠴᠠᠭᠠᠵᠠᠯᠠᠨ᠎ᠠ ᠭᠡᠵᠦ ᠲᠤᠲᠤᠷᠬᠠᠢ ᠲᠤᠷᠠᠳᠤᠭᠰᠠᠨ ᠶᠤᠮ᠃                ᠲᠤᠰᠬᠠᠶ ᠮᠡᠷᠭᠡᠵᠢᠯᠲᠡᠨ ᠵᠢᠭᠠᠵᠤ ᠭᠠᠷᠭᠠᠭᠰᠠᠨ ᠨᠢ᠂ ᠡᠯ᠎ᠡ ᠪᠠᠩᠬᠢ ᠪᠠᠯᠠ ᠮᠥᠩᠭᠦ ᠶᠢᠨ  ᠬᠠᠮᠢᠶᠠᠷᠤᠯᠲᠠ  ᠡᠵᠡᠮᠳᠡᠯ ᠢᠶᠠᠨ ᠴᠢᠩᠭᠠᠳᠬᠠᠬᠤ ᠨᠢ ᠪᠠᠰᠠ ᠢᠲᠡᠭᠡᠮᠵᠢ ᠶᠢᠨ ᠺᠠᠷᠲ ᠢᠶᠠᠷ ᠪᠡᠯᠡᠨ ᠵᠣᠭᠤᠰ ᠮᠡᠬᠡᠯᠡᠨ ᠠᠪᠬᠤ᠂  ᠬᠤᠯᠠᠭᠠᠶᠢᠯᠠᠨ  ᠰᠢᠷᠪᠢᠬᠦ  ᠵᠡᠷᠭᠡ ᠦᠢᠯᠡ ᠠᠵᠢᠯᠯᠠᠭ᠎ᠠ ᠶᠢ ᠰᠡᠷᠭᠡᠶᠢᠯᠡᠬᠦ ᠳᠤ ᠠᠰᠢᠭᠲᠠᠶ ᠶᠤᠮ᠃ ᠬᠤᠳᠠᠯᠳᠤᠭᠠᠨ ᠤ ᠡᠷᠦᠬᠡ ᠬᠡᠷᠪᠡ  ᠲᠣᠭᠲᠠᠭᠠᠯ ᠠᠴᠠ  ᠵᠥᠷᠢᠴᠡᠨ ᠺᠠᠷᠲ  ᠵᠠᠷᠤᠪᠠᠯ   ᠪᠠᠩᠬᠢ ᠶᠢᠨ  ᠬᠠᠷ᠎ᠠ ᠳᠠᠩᠰᠠᠨ ᠳᠤ  ᠤᠷᠤᠭᠤᠯᠵᠤ᠂  ᠢᠲᠡᠭᠡᠮᠵᠢ ᠶᠢᠨ ᠺᠠᠷᠲ ᠤᠨ ᠠᠷᠠᠯᠵᠢᠶ᠎ᠠ ᠶᠢ ᠲᠦᠷ ᠵᠣᠭᠰᠣᠭᠠᠨ᠎ᠠ᠃ ᠺᠠᠷᠲ ᠡᠵᠡᠮᠰᠢᠭᠴᠢ ᠬᠡᠷᠪᠡ ᠲᠣᠭᠲᠠᠭᠠᠯ ᠠᠴᠠ  ᠵᠥᠷᠢᠴᠡᠭᠰᠡᠨ  ᠠᠷᠠᠯᠵᠢᠶ᠎ᠠ  ᠬᠢᠭᠰᠡᠨ  ᠪᠠᠶᠢᠪᠠᠯ᠂  ᠮᠥᠨ  ᠴᠦ ᠵᠣᠬᠢᠴᠠᠩᠭᠤᠶ ᠦᠷ᠎ᠡ ᠳ᠋ᠦᠩ ᠢ ᠡᠭᠦᠷᠭᠡᠯᠡᠬᠦ ᠭᠡᠷᠡᠭᠳᠠᠢ᠃   
ᠢᠷᠡᠯᠲᠡ᠄ ᠠᠷᠠᠳ ᠤᠨ ᠰᠦᠯᠵᠢᠶ᠎ᠡ