ᠡᠶᠢᠮᠤ ᠤᠲᠠᠰᠤ ᠶᠢ ᠪᠢᠲᠡᠭᠡᠶ ᠢᠲᠡᠭᠡᠭᠡᠷᠡᠶ
ᠨᠡᠶᠢᠲᠡᠯᠡᠭᠰᠡᠨ ᠴᠠᠭ᠄
2022/3/22
                                   ᠣᠶᠢᠷ᠎ᠠ ᠳᠤ᠂ ᠪᠥᠬᠦ  ᠤᠯᠤᠰ ᠤᠨ  ᠣᠯᠠᠨ  ᠭᠠᠵᠠᠷ ᠲᠤ  ᠲᠦᠷᠭᠡᠨ  ᠬᠦᠷᠭᠡᠭᠴᠢ  ᠰᠢᠨ᠎ᠡ  ᠲᠢᠲᠢᠮᠯᠢᠭ  ᠠᠭᠤᠰᠬᠢᠨ ᠦᠷᠪᠢᠰᠦᠯ ᠳᠤ ᠬᠠᠯᠳᠠᠪᠤᠷᠢᠯᠠᠭᠳᠠᠵᠤ᠂ ᠲᠦᠷᠭᠡᠨ ᠬᠦᠷᠭᠡᠯᠲᠡ ᠶᠢᠨ ᠬᠤᠷᠢᠶᠠᠵᠤ ᠠᠪᠬᠤ ᠲᠤᠬᠠᠶ ᠣᠯᠠᠨ ᠢᠶᠠᠷ ᠢᠶᠠᠨ ᠰᠠᠨᠠᠭᠠᠰᠢᠷᠠᠯ ᠪᠣᠯᠪᠠ᠃ ᠡᠨᠡ ᠦᠶ᠎ᠡ ᠳᠤ ᠬᠡᠷᠪᠡ ︽ᠲᠦᠷᠭᠡᠨ ᠬᠦᠷᠭᠡᠯᠲᠡ ᠶᠢᠨ ᠺᠣᠮᠫᠠᠨᠢ ︾ ᠤᠲᠠᠰᠤ ᠢᠷᠡᠭᠦᠯᠵᠦ᠂ ᠴᠢᠨᠦ ᠲᠦᠷᠭᠡᠨ ᠬᠦᠷᠭᠡᠯᠲᠡ ᠴᠢᠨᠢ ᠰᠢᠨ᠎ᠡ ᠲᠢᠲᠢᠮᠯᠢᠭ ᠸᠢᠷᠦ᠋ᠰ ᠤᠨ ᠰᠢᠯᠭᠠᠨ ᠪᠠᠶᠢᠴᠠᠭᠠᠯᠲᠠ ᠳᠤ ᠠᠷᠭ᠎ᠠ ᠴᠢᠨᠠᠷ ᠢᠯᠡᠷᠡᠭᠰᠡᠨ ᠪᠣᠯᠬᠤᠷ ᠲᠠᠨ ᠤ  ᠲᠦᠷᠭᠡᠨ ᠬᠦᠷᠭᠡᠯᠲᠡ ᠶᠢ ᠭᠠᠯᠳᠠᠬᠤ  ᠶᠢᠨ ᠬᠠᠮᠲᠤ ᠴᠢᠮ᠎ᠠ ᠳᠤ ᠲᠥᠯᠥᠪᠦᠷᠢ ᠥᠭᠬᠦ ᠴᠢᠬᠤᠯᠠᠲᠠᠶ ᠪᠣᠯᠣᠯ᠎ᠠ ᠭᠡᠵᠦ ᠬᠡᠯᠡᠪᠡᠯ ᠲᠠ ᠢᠲᠡᠭᠡᠨ᠎ᠡ ᠦᠦ︖                 ᠠᠩᠬᠠᠷ︕ ᠡᠶᠢᠮᠦ ᠪᠠᠶᠢᠳᠠᠯ ᠲᠣᠬᠢᠶᠠᠯᠳᠤᠪᠠᠯ ᠰᠣᠨᠣᠷ ᠰᠡᠷᠡᠮᠵᠢ ᠲᠠᠢ  ᠪᠠᠶᠢᠭᠠᠷᠠᠢ︕  ᠣᠶᠢᠷ᠎ᠠ ᠳᠤ  ᠸᠠᠩ  ᠠᠪᠠᠭ᠋ᠠᠶ ᠦᠪᠡᠷ ᠢ ᠪᠠᠨ ᠲᠦᠷᠭᠡᠨ ᠬᠦᠷᠭᠡᠯᠲᠡ ᠶᠢᠨ ᠺᠣᠮᠫᠠᠨᠢ ᠶᠢᠨ ᠬᠢᠨ ᠤ ᠭᠡᠰᠡᠨ ᠤᠲᠠᠰᠤ ᠶᠢ ᠲᠤᠰᠬᠤ ᠳᠤ᠂ ᠨᠦᠬᠦᠭᠡ  ᠡᠲᠡᠭᠡᠳ  ᠨᠢ ᠸᠠᠩ ᠠᠪᠠᠭ᠋ᠠᠶ ᠶᠢᠨ ᠲᠦᠷᠭᠡᠨ ᠬᠦᠷᠭᠡᠯᠲᠡ ᠨᠢ ᠰᠢᠨ᠎ᠡ ᠲᠢᠲᠢᠮᠯᠢᠭ ᠸᠢᠷᠦ᠋ᠰ ᠤᠨ ᠰᠢᠯᠭᠠᠨ ᠪᠠᠶᠢᠴᠠᠭᠠᠯᠲᠠ ᠳᠤ ᠠᠷᠭ᠎ᠠ  ᠴᠢᠨᠠᠷᠲᠠᠶ ᠪᠣᠯᠤᠭᠰᠠᠨ ᠠᠴᠠ ᠲᠦᠷᠭᠡᠨ ᠬᠦᠷᠭᠡᠯᠲᠡ ᠶᠢ ᠭᠠᠯᠲᠠᠭᠠᠴᠢ ᠭᠡᠵᠦ ᠮᠡᠲᠡᠭᠲᠡᠬᠦ ᠶᠢᠨ ᠬᠠᠮᠲᠤ ᠸᠠᠩ ᠠᠪᠠᠭ᠋ᠠᠶ ᠳᠤ ᠲᠥᠯᠥᠪᠦᠷᠢ ᠦᠭᠬᠦ ᠪᠣᠯᠤᠨ᠎ᠠ ᠭᠡᠵᠦ ᠮᠡᠳᠡᠭᠳᠡᠪᠡ᠃ ᠸᠠᠩ ᠠᠪᠠᠭ᠋ᠠᠶ ᠰᠣᠨᠣᠰᠤᠮᠠᠭᠴᠠ ᠰᠠᠨᠳᠤᠷᠴᠤ᠂ ᠰᠢᠨ᠎ᠡ ᠲᠢᠲᠢᠮᠯᠢᠭ  ᠠᠭᠤᠰᠬᠢᠨ  ᠦᠷᠪᠢᠰᠦᠯ ᠲᠠᠢ ᠬᠤᠯᠪᠣᠭᠳᠠᠭᠰᠠᠨ ᠪᠣᠯᠬᠤᠷ ᠥᠴᠦᠬᠡᠨ ᠴᠦ ᠲᠠᠲᠠᠭᠠᠯᠵᠠᠯ ᠥᠬᠡᠶ ᠪᠠᠷ ᠵᠣᠭᠤᠰ ᠢᠶᠠᠨ ᠪᠣᠴᠠᠭᠠᠵᠤ ᠠᠪᠬᠤ  ᠶᠢ ᠪᠤᠳᠤᠪᠠ᠃ ᠲᠡᠭᠡᠬᠦ ᠮᠥᠷᠲᠡᠭᠡᠨ ᠨᠥᠭᠦᠭᠡ ᠡᠳᠡᠭᠡᠳ ᠤᠨ ᠬᠡᠯᠡᠭᠰᠡᠨ ᠶᠣᠰᠣᠭᠠᠷ ᠲᠡᠳᠡᠨ ᠤ ᠶᠠᠪᠤᠭᠤᠯᠤᠭᠰᠠᠨ ᠬᠤᠶᠠᠷ  ᠬᠡᠮᠵᠢᠯᠳᠦ  ᠺᠣᠳ᠋ ᠢ  ᠰᠢᠷᠪᠢᠵᠦ ᠨᠢᠭᠡ ᠵᠥᠭᠡᠯᠡᠨ ᠲᠣᠨᠤᠭ ᠢ ᠪᠠᠭᠤᠯᠭᠠᠵᠤ ᠠᠪᠤᠭᠠᠳ ᠵᠥᠭᠡᠯᠡᠨ  ᠲᠣᠨᠤᠭ  ᠳᠣᠲᠣᠷ᠎ᠠ  ᠥᠪᠡᠷ ᠤᠨ  ᠪᠠᠩᠬᠢ ᠶᠢᠨ  ᠺᠠᠷᠲ ᠤᠨ ᠨᠣᠮᠧᠷ ᠤᠨ ᠰᠢᠯᠭᠠᠨ ᠪᠠᠲᠤᠯᠠᠬᠤ ᠺᠣᠳ᠋ ᠵᠢᠴᠢ ᠵᠣᠭᠤᠰ ᠥᠭᠬᠦ ᠨᠢᠭᠤᠴᠠ ᠨᠣᠮᠧᠷ ᠢ ᠲᠠᠭᠯᠠᠪᠠ᠃ ᠲᠡᠭᠡᠭᠰᠡᠨ ᠤ ᠲᠠᠷᠠᠭ᠎ᠠ᠂ ᠸᠠᠩ ᠠᠪᠠᠭ᠋ᠠᠶ ᠪᠠᠩᠬᠢ ᠠᠴᠠ ᠢᠷᠡᠬᠦᠯᠣᠭ᠍ᠰᠡᠨ ᠣᠬᠤᠷ ᠮᠡᠳᠡᠭᠡ ᠶᠢ ᠣᠯᠵᠤ᠂ ᠪᠠᠩᠬᠢ ᠶᠢᠨ ᠺᠠᠷᠲ ᠠᠴᠠ ᠨᠢ 49000 ᠲᠥᠭᠦᠷᠢᠭ ᠰᠢᠯᠵᠢᠭᠦᠯᠦᠭᠳᠡᠭᠰᠡᠨ ᠢ ᠤᠯᠵᠦ ᠦᠵᠡᠭᠡᠳ ᠰᠠᠶ᠋ᠢ ᠮᠡᠬᠡᠯᠡᠭᠳᠡᠭᠰᠡᠨ ᠢᠶᠠᠨ ᠮᠡᠳᠡᠪᠡ᠃                ᠴᠠᠭᠳᠠᠭᠠᠨ ᠤ ᠬᠢᠨ ᠰᠠᠨᠠᠭᠤᠯᠬᠤ ᠳᠠᠭᠠᠨ᠄ ᠵᠣᠭᠤᠰ ᠪᠤᠴᠠᠭᠠᠬᠤ ᠤᠲᠠᠰᠤ ᠶᠢ ᠲᠣᠰᠬᠤ ᠦᠶ᠎ᠡ ᠳᠤ᠂ ᠵᠠᠪᠠᠯ ᠠᠯᠪᠠᠨ ᠤ ᠰᠦᠯᠵᠢᠶᠡᠨ ᠥᠷᠲᠡᠭᠡ ᠳᠤ ᠭᠠᠷᠴᠤ ᠬᠢᠨᠠᠨ ᠬᠠᠷᠭᠤᠭᠤᠯᠬᠤ ᠬᠡᠷᠡᠭᠲᠡᠶ᠂  ᠠᠯᠪᠠᠨ ᠤ ᠲᠠᠯ᠎ᠠ ᠶᠢᠨ ᠬᠡᠷᠡᠭᠯᠡᠭᠴᠢ ᠶᠢᠨ ᠣᠶᠢᠯᠡᠴᠢᠯᠡᠭᠡ ᠳᠤ ᠸᠢᠴᠠᠲ᠂ QQ ᠵᠡᠷᠭᠡ ᠬᠤᠪᠢ ᠬᠥᠮᠦᠨ ᠤ ᠵᠣᠭᠤᠭᠳᠠᠬᠤ ᠲᠠᠩᠰᠠᠨ ᠨᠣᠮᠧᠷ ᠢ ᠨᠡᠮᠡᠬᠦ ᠥᠬᠡᠶ᠂  ᠨᠠᠩ ᠴᠤ ᠪᠤᠰᠤᠳ ᠰᠦᠯᠵᠢᠶᠡᠨ ᠥᠷᠲᠡᠭᠡ ᠳᠡᠭᠡᠷ᠎ᠡ ᠵᠣᠭᠤᠰ ᠪᠤᠴᠠᠭᠠᠬᠤ ᠠᠵᠢᠯᠯᠠᠭ᠎ᠠ ᠬᠢᠲᠡᠭ ᠬᠢᠬᠦ ᠥᠬᠡᠶ᠃ ᠠᠯᠪᠠᠨ ᠲᠠᠯ᠎ᠠ ᠶᠢᠨ ᠢᠯᠡ ᠪᠣᠯᠭᠠᠬᠤ ᠠᠷᠭ᠎ᠠ ᠮᠠᠶ᠋ᠢᠭ ᠢᠶᠠᠷ ᠳᠠᠮᠵᠢᠭᠤᠯᠤᠨ ᠡᠯᠧᠺᠲᠷᠣᠨ ᠬᠤᠳᠠᠯᠳᠤᠭᠠᠨ ᠤ ᠲᠠᠪᠴᠠᠩ ᠳᠤ  ᠵᠣᠭᠤᠰ  ᠪᠤᠴᠠᠭᠠᠬᠤ  ᠤᠴᠢᠷ ᠶᠠᠪᠤᠳᠠᠯ ᠢ ᠬᠢᠨᠠᠨ ᠬᠠᠷᠭᠤᠭᠤᠯᠬᠤ ᠬᠡᠷᠡᠭᠲᠡᠶ ᠮᠥᠷᠲᠡᠭᠡᠨ ᠤᠤᠯ ‍ᠤᠨ‌ᠬᠤᠳᠠᠯᠳᠤᠭᠠᠨ ᠤ ᠲᠠᠪᠴᠠᠩ ᠢᠶᠠᠷ ᠳᠠᠮᠵᠢᠨ ᠥᠪᠡᠷ ᠤᠨ ᠲᠤᠰ ᠲᠠᠸᠠᠷ ᠢ ᠰᠢᠢᠳᠪᠣᠷᠢᠯᠡᠭᠰᠡᠨ ᠪᠠᠶᠢᠳᠠᠯ ᠵᠢᠴᠢ ᠲᠥᠯᠥᠪᠦᠷᠢ ᠶᠢᠨ ᠵᠣᠭᠤᠰ ᠢ ᠣᠯᠤᠭᠰᠠᠨ ᠡᠰᠡᠬᠦ ᠶᠢ ᠦᠵᠡᠨ᠎ᠡ᠃   
ᠢᠷᠡᠯᠲᠡ᠄ ᠠᠷᠠᠳ ᠤᠨ ᠰᠦᠯᠵᠢᠶ᠎ᠡ