ᠬᠦᠵᠦᠭᠦᠨ ᠤ ᠦᠷᠴᠢᠯᠡᠭᠡᠰᠦ ᠶᠢ ᠶᠠᠭᠠᠬᠢᠵᠤ ᠪᠠᠭᠠᠰᠬᠠᠬᠤ ᠪᠣᠢ︖
ᠨᠡᠶᠢᠲᠡᠯᠡᠭᠰᠡᠨ ᠴᠠᠭ᠄
2022/3/22
                          ᠡᠮᠡᠭᠲᠡᠢ ᠬᠥᠮᠥᠨ ᠠᠷᠠᠰᠤ  ᠮᠢᠬ᠎ᠠ ᠪᠠᠨ ᠠᠷᠠᠴᠢᠯᠠᠬᠤ ᠦᠶ᠎ᠡ ᠳᠤ  ᠬᠦᠵᠦᠭᠦᠨ ᠤ ᠦᠷᠴᠢᠯᠡᠭᠡᠰᠦ ᠶᠢ ᠠᠮᠠᠷᠬᠠᠨ ᠣᠮᠲᠣᠭᠠᠶᠢᠯᠠᠳᠠᠭ᠃ ᠲᠤᠰᠬᠠᠢ ᠭᠤᠸ᠎ᠠ ᠵᠠᠰᠠᠯ ᠬᠢᠭᠴᠢ ᠵᠣᠣ ᠯᠢ ᠰᠠᠨᠠᠭᠤᠯᠬᠤ ᠳᠠᠭᠠᠨ᠂ ᠣᠨᠴᠠᠭᠠᠶᠢᠯᠠᠨ ᠭᠠᠷ ᠤᠲᠠᠰᠤ ᠱᠠᠭᠠᠶᠢᠳᠠᠭ ᠬᠥᠮᠥᠰ ᠲᠤ ᠠᠪᠴᠤ ᠬᠡᠯᠡᠪᠡᠯ᠂ ᠬᠦᠵᠦᠭᠦᠨ ᠳᠤ ᠦᠷᠴᠢᠯᠡᠭᠡᠰᠦ ᠰᠠᠭᠤᠬᠤ ᠨᠢ ᠨᠠᠩ ᠡᠷᠲᠡ ᠪᠠᠶᠢᠵᠤ ᠮᠡᠳᠡᠨ᠎ᠡ ᠭᠡᠵᠡᠢ᠃                   ᠨᠡᠷᠡᠨ ᠤ  ᠭᠡᠷᠡᠯ᠂  ᠦᠷᠦᠯᠳᠦᠬᠦ᠂ ᠤᠷᠲᠤ  ᠬᠤᠭᠤᠴᠠᠭ᠎ᠠ ᠲᠣᠯᠣᠭᠠᠢ ᠪᠥᠬᠦ᠋ᠢᠬᠦ ᠨᠢ ᠪᠦᠷ  ᠬᠦᠵᠦᠭᠦᠨ ᠤ ᠦᠷᠴᠢᠯᠡᠭᠡᠰᠦ ᠶᠢ ᠪᠤᠶ ᠪᠣᠯᠭᠠᠳᠠᠭ᠂ ᠡᠶᠢᠮᠦ ᠠᠴᠠ ᠬᠦᠵᠦᠭᠦᠦ ᠳᠡᠭᠡᠨ ᠴᠢᠭᠢᠭ ᠢ ᠬᠠᠮᠠᠭᠠᠯᠠᠬᠤ ᠪᠠ ᠨᠡᠷᠡᠨ ᠳᠤ ᠰᠢᠷᠠᠭᠳᠠᠬᠤ ᠠᠴᠠ ᠰᠡᠷᠭᠡᠶᠢᠯᠡᠬᠦ ᠰᠤᠪᠢᠯᠠᠯᠲᠠ ᠬᠢᠬᠦ ᠬᠡᠷᠡᠭᠲᠡᠢ᠃ ᠬᠡᠷᠪᠡ ᠬᠦᠵᠦᠭᠦᠨ ᠤ ᠬᠡᠰᠡᠭ ᠤᠨ ᠪᠤᠯᠴᠢᠩ ᠰᠤᠯᠠᠷᠠᠬᠤ ᠳᠤ ᠬᠦᠷᠪᠡᠯ᠂  ᠠᠮᠠᠷᠬᠠᠨ‌ᠦᠷᠴᠢᠯᠡᠭᠡᠰᠦ ᠰᠠᠭᠤᠨ᠎ᠠ᠂ ᠡᠶᠢᠮᠦ ᠠᠴᠠ ᠬᠦᠵᠦᠭᠦᠨ ᠤ ᠪᠤᠯᠴᠢᠩ ᠢᠶᠠᠨ ᠪᠠᠰᠠ ᠪᠣᠯᠪᠠᠰᠤᠷᠠᠬᠤ ᠴᠢᠬᠤᠯᠠᠲᠠᠢ᠃ ᠡᠩ ᠤᠨ ᠠᠮᠢᠳᠤᠷᠠᠯ ᠳᠤᠮᠳᠠ ᠪᠠᠨ ᠬᠦᠵᠦᠭᠦᠨ ᠤ ᠪᠤᠯᠴᠢᠩ ᠢᠶᠠᠨ ᠠᠩᠬᠠᠷᠴᠤ᠂ ᠠᠰᠬᠠᠨ ᠰᠠᠭᠤᠵᠤ᠂ ᠬᠦᠵᠦᠭᠦᠨ ᠤ ᠪᠤᠯᠴᠢᠩ ᠢᠶᠠᠨ ᠰᠤᠩᠭᠠᠬᠤ ᠶᠢ ᠠᠩᠬᠠᠷᠤᠨ᠎ᠠ᠃  ᠬᠡᠳᠦᠶᠢᠪᠡᠷ ᠲᠤᠶᠢᠯ ᠤᠨ ᠳᠥᠭᠦᠮ ᠬᠥᠳᠡᠯᠭᠡᠭᠡᠨ ᠪᠣᠯᠪᠠᠴᠤ  ᠪᠠᠷᠢᠮᠳᠠᠯᠠᠭᠠᠳ  ᠪᠠᠶᠢᠪᠠᠯ   ᠬᠦᠵᠦᠭᠦᠨ ᠤ ᠦᠷᠴᠢᠯᠡᠭᠡᠰᠦ ᠶᠢ ᠪᠠᠭᠠᠰᠬᠠᠬᠤ ᠪᠠᠷ ᠪᠠᠷᠠᠬᠤ ᠦᠭᠡᠢ ᠪᠠᠰᠠ ᠬᠦᠵᠦᠭᠦᠨ ᠤ ᠠᠴᠢᠶᠠᠯᠠᠯ ᠢ ᠬᠥᠩᠭᠡᠷᠡᠭᠦᠯᠬᠦ ᠳᠤ ᠲᠤᠰᠠ ᠪᠣᠯᠳᠠᠭ᠃                   
ᠢᠷᠡᠯᠲᠡ᠄ ᠠᠷᠠᠳ ᠤᠨ ᠰᠦᠯᠵᠢᠶ᠎ᠡ