ᠭᠡᠷ ᠬᠤᠲᠠᠯᠲᠣᠨ ᠠᠪᠤᠭᠴᠢ᠂ ᠬᠤᠲᠠᠯᠲᠣᠭᠴᠢ ᠶᠢᠨ ︽ᠨᠢᠭᠡ ᠭᠡᠷ ᠢᠶᠠᠨ ᠬᠤᠶᠠᠷ ᠬᠤᠲᠠᠯᠲᠣᠬᠤ︾ ᠶᠢ ᠬᠡᠷᠬᠢᠨ ᠰᠡᠷᠭᠡᠶᠢᠯᠡᠬᠦ ᠪᠣᠢ︖
ᠨᠡᠶᠢᠲᠡᠯᠡᠭᠰᠡᠨ ᠴᠠᠭ᠄
2022/3/7
     ︽ᠢᠷᠭᠡᠨ ᠤ ᠬᠠᠣᠯᠢ ᠶᠢᠨ ᠪᠢᠴᠢᠭ︾ ᠤᠨ ᠬᠤᠷᠢᠨ ᠨᠢᠭᠡᠲᠦᠭᠡᠷ ᠵᠦᠢᠯ ᠤᠨ ᠲᠣᠭᠲᠠᠭᠠᠯ ᠢ ᠦᠨᠳᠦᠰᠦᠯᠡᠪᠡᠯ᠂ ᠲᠣᠬᠠᠢ ᠶᠢᠨ ᠬᠦᠮᠦᠨ ᠭᠡᠷ ᠪᠠᠶᠢᠰᠢᠩ ᠬᠤᠲᠠᠯᠲᠣᠭᠠᠯᠠᠬᠤ ᠬᠡᠯᠡᠯᠴᠡᠭᠡᠷ ᠪᠣᠶᠣ ᠪᠣᠰᠣᠳ ᠦᠯᠦ ᠬᠦᠲᠡᠯᠬᠦ ᠬᠦᠷᠦᠩᠭᠡ ᠶᠢᠨ ᠪᠣᠲᠠᠰ ᠤᠨ ᠡᠷᠭᠡ ᠶᠢᠨ ᠲᠣᠬᠠᠢ ᠬᠡᠯᠡᠯᠴᠡᠭᠡᠷ ᠲᠣᠭᠲᠠᠬᠤ ᠳᠤ ᠪᠠᠨ᠂ ᠢᠷᠡᠭᠡᠲᠦᠢ  ᠳᠤ ᠪᠣᠲᠠᠰ ᠤᠨ ᠡᠷᠭᠡ ᠶᠢᠨ ᠪᠡᠶᠡᠯᠡᠭᠲᠡᠬᠦ ᠶᠢ ᠪᠠᠲᠣᠯᠠᠬᠤ  ᠶᠢᠨ ᠲᠦᠯᠦᠭᠡ᠂᠂ ᠪᠣᠯᠵᠣᠯ ᠶᠣᠰᠣᠭᠠᠷ ᠢᠶᠠᠨ ᠲᠠᠩᠰᠠᠯᠠᠬᠤ ᠪᠠᠶᠢᠭᠤᠯᠣᠮᠵᠢ  ᠳᠤ  ᠣᠷᠢᠳᠴᠢᠯᠠᠨ  ᠮᠡᠳᠡᠭᠲᠡᠵᠦ  ᠲᠠᠩᠰᠠᠯᠠᠭᠤᠯᠬᠤ  ᠪᠠᠷ ᠭᠤᠶᠣᠴᠢᠯᠠᠵᠣ  ᠪᠣᠯᠣᠨ᠎ᠡ᠃  ᠣᠷᠢᠳᠴᠢᠯᠠᠨ  ᠮᠡᠲᠡᠭᠲᠡᠵᠦ  ᠲᠠᠩᠰᠠᠯᠠᠭᠤᠯᠣᠬᠰᠠᠨ ᠤ ᠲᠠᠷᠠᠭ᠎ᠠ᠂ ᠣᠷᠢᠳᠴᠢᠯᠠᠨ  ᠮᠡᠳᠡᠭᠲᠡᠵᠦ ᠲᠠᠩᠰᠠᠯᠠᠭᠤᠯᠣᠬᠰᠠᠨ ᠡᠷᠭᠡᠲᠣ ᠬᠦᠮᠦᠨ ᠢᠶᠠᠷ ᠵᠦᠪᠰᠢᠶᠡᠷᠡᠬᠦᠯᠦᠭᠰᠡᠨ ᠦᠭᠡᠢ  ᠪᠠᠷ  ᠲᠣᠰ  ᠦᠯᠦ  ᠬᠦᠲᠡᠯᠬᠦ  ᠬᠦᠷᠦᠩᠭᠡ  ᠶᠢ ᠰᠢᠢᠳᠪᠦᠷᠢᠯᠡᠭᠰᠡᠨ ᠪᠠᠶᠢᠪᠠᠯ᠂ ᠪᠣᠲᠠᠰ  ᠤᠨ ᠡᠷᠭᠡ ᠶᠢᠨ ᠬᠦᠴᠦᠨ ᠲᠠᠢ ᠪᠣᠯᠬᠤ ᠦᠭᠡᠢ᠃  ᠡᠶᠢᠮᠣ  ᠠᠴᠠ  ᠬᠤᠲᠠᠯᠲᠣᠭᠴᠢ  ᠶᠢᠨ ︽ᠨᠢᠭᠡ ᠬᠡᠷ ᠢᠶᠠᠨ ᠬᠤᠶᠠᠷ ᠬᠤᠲᠠᠯᠲᠣᠬᠤ︾ ᠶᠢ ᠰᠡᠷᠭᠡᠶᠢᠯᠡᠬᠦ ᠬᠠᠮᠤᠭ ᠰᠠᠶᠢᠨ ᠠᠷᠭ᠎ᠠ ᠨᠢ ᠭᠡᠷ ᠬᠤᠲᠠᠯᠲᠣᠨ ᠠᠪᠬᠤ ᠬᠡᠯᠡᠯᠴᠡᠭᠡᠷ ᠢᠯᠠᠩᠭᠤᠶ᠎ᠠ ᠬᠤᠭᠤᠴᠠᠭᠠᠲᠣ ᠭᠡᠷ ᠪᠠᠶᠢᠰᠢᠩ ᠬᠤᠲᠠᠯᠲᠣᠨ ᠠᠪᠬᠤ ᠬᠡᠯᠡᠯᠴᠡᠭᠡᠷ ᠲᠣᠭᠲᠠᠭᠰᠠᠨ ᠤ ᠲᠠᠷᠠᠭ᠎ᠠ ᠬᠠᠣᠯᠢ  ᠶᠣᠰᠣᠭᠠᠷ ᠲᠠᠷᠣᠶᠢᠬᠠᠨ ᠲᠠᠩᠰᠠᠯᠠᠬᠤ ᠪᠠᠶᠢᠭᠤᠯᠣᠮᠵᠢ ᠳᠤ ᠬᠦᠷᠴᠦ ᠣᠷᠢᠳᠴᠢᠯᠠᠨ ᠮᠡᠲᠡᠭᠲᠡᠬᠦ ᠲᠠᠩᠰᠠᠯᠠᠯᠲᠠ ᠬᠢᠵᠦ ᠦᠪᠡᠷ ᠤᠨ ᠢᠷᠡᠭᠡᠲᠦᠢ ᠶᠢᠨ ᠡᠷᠭᠡ ᠠᠰᠢᠭ ᠢᠶᠠᠨ ᠬᠠᠮᠠᠭᠠᠯᠠᠨ᠎ᠠ᠃  ᠣᠴᠢᠷ ᠨᠢ  ᠣᠷᠢᠳᠴᠢᠯᠠᠨ  ᠮᠡᠲᠡᠭᠲᠡᠵᠦ  ᠲᠠᠩᠰᠠᠯᠠᠭᠤᠯᠣᠬᠰᠠᠨ ᠤ  ᠲᠠᠷᠠᠭ᠎ᠠ᠂ ᠣᠷᠢᠳᠴᠢᠯᠠᠨ ᠮᠡᠳᠡᠭᠲᠡᠵᠦ ᠲᠠᠩᠰᠠᠯᠠᠭᠤᠯᠣᠬᠰᠠᠨ ᠡᠷᠭᠡᠲᠣ ᠬᠦᠮᠦᠨ ᠢᠶᠠᠷ ᠵᠦᠪᠰᠢᠶᠡᠷᠡᠬᠦᠯᠬᠦ ᠦᠭᠡᠢ ᠪᠣᠯ ᠲᠣᠰ ᠭᠡᠷ  ᠢ  ᠲᠠᠬᠢᠨ ᠬᠤᠲᠠᠯᠲᠣᠵᠦ ᠲᠡᠶᠢᠯᠬᠦ ᠦᠭᠡᠢ᠃ ᠬᠤᠲᠠᠯᠲᠣᠭᠰᠠᠨ ᠴᠦ ᠪᠣᠲᠠᠰ ᠤᠨ ᠡᠷᠭᠡ ᠶᠢᠨ ᠬᠦᠴᠦᠨ ᠲᠠᠢ ᠪᠣᠯᠬᠤ ᠦᠭᠡᠢ᠂ ᠲᠠᠷᠣᠢ ᠬᠠᠣᠯᠢ‌‍ᠶᠢᠨ ᠬᠠᠮᠠᠭᠠᠯᠠᠯᠲᠠ ᠶᠢ ᠬᠦᠷᠲᠡᠵᠦ ᠴᠢᠲᠠᠬᠤ ᠦᠭᠡᠢ᠃ ᠭᠡᠪᠡᠴᠦ ᠠᠩᠬᠠᠷᠣᠭᠤᠰᠢᠲᠠᠢ ᠨᠢ ᠣᠷᠢᠳᠴᠢᠯᠠᠨ ᠮᠡᠳᠡᠭᠲᠡᠬᠦ  ᠲᠠᠩᠰᠠᠯᠠᠯᠲᠠ ᠪᠠᠰᠠ ᠴᠠᠭ ᠬᠤᠭᠤᠴᠠᠭᠠᠨ ᠤ ᠬᠢᠵᠠᠭᠠᠷᠯᠠᠯ ᠲᠠᠢ ᠪᠠᠶᠢᠲᠠᠭ᠂ ᠲᠠᠷᠣᠢ ᠣᠷᠢᠳᠴᠢᠯᠠᠨ ᠮᠡᠳᠡᠭᠲᠡᠵᠦ ᠲᠠᠩᠰᠠᠯᠠᠭᠤᠯᠣᠬᠰᠠᠨ ᠤ ᠲᠠᠷᠠᠭ᠎ᠠ᠂ ᠠᠪᠴᠠᠭᠠᠨ ᠤ ᠡᠷᠭᠡ ᠣᠰᠠᠲᠣᠭᠰᠠᠨ ᠪᠣᠶᠣ ᠦᠯᠦ ᠬᠦᠲᠡᠯᠬᠦ ᠬᠦᠷᠦᠩᠭᠡ ᠶᠢᠨ ᠲᠠᠩᠰᠠᠯᠠᠯᠲᠠ ᠬᠢᠵᠦ ᠲᠡᠶᠢᠯᠬᠦ ᠡᠲᠦᠷ ᠠᠴᠠ ᠡᠬᠢᠯᠡᠨ ᠶᠡᠷᠡᠨ ᠡᠲᠦᠷ ᠤᠨ ᠲᠣᠲᠣᠷ᠎ᠠ  ᠲᠠᠩᠰᠠᠯᠠᠭᠤᠯᠬᠤ  ᠪᠠᠷ ᠭᠤᠶᠣᠴᠢᠯᠠᠭᠰᠠᠨ ᠦᠭᠡᠢ ᠪᠠᠶᠢᠪᠠᠯ᠂ ᠣᠷᠢᠳᠴᠢᠯᠠᠨ ᠮᠡᠳᠡᠭᠲᠡᠵᠦ ᠲᠠᠩᠰᠠᠯᠠᠭᠤᠯᠣᠬᠰᠠᠨ ᠨᠢ ᠬᠦᠴᠦᠨ ᠦᠭᠡᠢ  ᠪᠣᠯᠲᠠᠭ᠃  ᠲᠦᠬᠦᠮ ᠢᠶᠠᠷ ᠬᠡᠯᠡᠪᠡᠯ᠂  ᠭᠡᠷ  ᠬᠤᠲᠠᠯᠲᠣᠨ  ᠠᠪᠬᠤ ᠬᠡᠯᠡᠯᠴᠡᠭᠡᠷ ᠲᠣᠭᠲᠠᠮᠠᠭᠴᠠ ᠲᠠᠷᠣᠶᠢᠬᠠᠨ ᠬᠡᠯᠡᠯᠴᠡᠭᠡᠷ ᠢᠶᠠᠨ ᠠᠪᠴᠦ ᠲᠠᠩᠰᠠᠯᠠᠬᠤ ᠪᠠᠶᠢᠭᠤᠯᠭ᠎ᠠ ᠳᠤ ᠬᠦᠷᠴᠦ ᠭᠡᠷ ᠬᠤᠲᠠᠯᠲᠣᠨ ᠠᠪᠬᠤ ᠭᠡᠷ᠎ᠡ ᠲᠣᠭᠲᠠᠭᠰᠠᠨ ᠢᠶᠠᠨ ᠮᠡᠲᠡᠭᠲᠡᠵᠦ ᠲᠠᠩᠰᠠᠯᠠᠭᠤᠯᠣᠨ᠎ᠡ᠃ ᠲᠠᠷᠠᠭ᠎ᠠ ᠨᠢ ᠦᠪᠡᠷ ᠤᠨ ᠢᠶᠠᠨ ᠨᠡᠷ᠎ᠡ ᠲᠡᠭᠡᠷ᠎ᠡ ᠵᠢᠩᠬᠢᠨᠢ ᠲᠠᠩᠰᠠᠯᠠᠯᠲᠠ ᠬᠢᠵᠦ ᠲᠡᠶᠢᠯᠬᠦ ᠡᠲᠦᠷ ᠠᠴᠠ ᠡᠬᠢᠯᠡᠨ ᠶᠡᠷᠡᠨ ᠡᠲᠦᠷ ᠤᠨ ᠲᠣᠲᠣᠷ᠎ᠠ ᠡᠷᠬᠡᠪᠰᠢ  ᠲᠠᠩᠰᠠᠯᠠᠭᠤᠯᠬᠤ  ᠭᠤᠶᠣᠴᠢᠯᠠᠯ  ᠭᠠᠷᠭᠠᠨ᠎ᠠ᠃ ᠦᠭᠡᠢ ᠪᠣᠯ ᠣᠷᠢᠳᠴᠢᠯᠠᠨ ᠮᠡᠳᠡᠭᠲᠡᠬᠦ ᠲᠠᠩᠰᠠᠯᠠᠯᠲᠠ ᠬᠦᠴᠦᠨ ᠦᠭᠡᠢ ᠪᠣᠯᠣᠨ᠎ᠡ᠃ ︵ᠮᠦᠷᠡᠨ᠂ ᠣᠶᠣᠨᠪᠢᠯᠢᠭ᠌︶  
ᠢᠷᠡᠯᠲᠡ᠄ ᠠᠷᠠᠳ ᠤᠨ ᠰᠦᠯᠵᠢᠶ᠎ᠡ