| ᠠᠮᠵᠢᠯᠳᠠ ᠲᠠᠢ ᠶᠠᠪᠤᠭ᠎ᠠ ᠤᠯᠠᠩᠭᠢ ᠬᠦᠮᠦᠰ ᠪᠠᠶᠢᠡᠭᠭᠤ ᠤᠡᠭᠰᠢᠬᠤ ᠲᠠᠳᠬᠠᠯ ᠲᠠᠢ ᠪᠠᠶᠢᠳᠠᠭ ᠢ ᠲᠠ ᠪᠢᠳᠠ | ᠪᠦᠬᠦᠨ ᠮᠡᠳᠡᠨ᠎ᠠ᠃ | ᠵᠢᠱᠢᠶᠡᠯᠡᠪᠡᠯ᠂ 2015 ᠤᠨ ᠳᠤ ᠹᠸᠢᠰᠪᠤᠺ ᠺᠤᠮᠫᠠᠨᠢ ᠶᠢᠨ ᠵᠠᠬᠢᠷᠤᠯ ᠮᠠᠷᠺ ᠴᠤᠺᠧᠷᠪᠧᠷᠢᠢᠡ ᠨᠢᠬᠡ | ᠭᠠᠷᠠᠭ ᠲᠤ 1 ᠨᠤᠮ ᠤᠡᠭᠰᠢᠵᠤ ᠪᠠᠶᠢᠬᠤ ᠬᠠᠷᠠᠯᠳᠠ ᠲᠠᠯᠪᠢᠵᠤ ᠪᠠᠶᠢᠭᠰᠠᠨ ᠢ ᠰᠠᠨᠠᠵᠤ ᠤᠯᠵᠤ ᠪᠠᠶᠢᠬ᠎ᠠ᠃ ᠮᠠᠨ ᠤ | ᠮᠤᠩᠭᠤᠯ ᠵᠠᠯᠠᠭᠤᠰ ᠤᠨ ᠬᠤᠪᠢ ᠳᠤ ᠲᠡᠶᠢᠯᠦᠩᠭᠢ ᠨᠢ ᠤᠡᠭᠰᠢᠬᠤ ᠲᠠᠳᠬᠠᠯ ᠢ ᠦᠪᠡᠷ ᠲᠡᠭᠡᠨ ᠪᠦᠷᠢᠳᠦᠬᠦᠯᠦᠬᠡ ᠦᠬᠡᠢ | ᠪᠠᠶᠢᠭ᠎ᠠ ᠨᠢ ᠠᠵᠢᠭᠯᠠᠭᠳᠠᠳᠠᠭ᠃ ᠰᠤᠷᠬᠤ ᠳᠤ ᠬᠡᠵᠢᠶ᠎ᠡ ᠴᠤ ᠤᠷᠦ᠋ᠢᠳᠠᠳᠠᠭ ᠦᠬᠡᠢ ᠲᠤᠯᠠ ᠮᠤᠩᠭᠤᠯ ᠵᠠᠯᠠᠭᠤ ᠲᠠ | ᠨᠤᠮ ᠲᠤᠭᠳᠠᠮᠠᠯ ᠤᠡᠭᠰᠢᠵᠤ ᠲᠤᠤᠷᠠᠬᠢ ᠠᠰᠢᠬ ᠲᠤᠰᠠ ᠶᠢ ᠠᠮᠢᠳᠤᠷᠠᠯ ᠳᠠᠭᠠᠨ ᠨᠡᠬᠡᠬᠡᠨ ᠦᠪᠡᠷ ᠤᠨ ᠪᠡᠶ᠎ᠡ ᠳᠡᠭᠡᠨ | ᠪᠤᠯᠤᠨ ᠡᠬᠡ ᠤᠷᠤᠨ ᠳᠠᠭᠠᠨ ᠦᠨ᠎ᠡ ᠴᠠᠨ᠎ᠠ ᠲᠠᠢ ᠠᠮᠢᠳᠤᠷᠠᠭᠠᠷᠠᠢ᠃ | 1᠂ ᠤᠶᠤᠨ ᠤ ᠲᠠᠰᠬᠠᠯ | ᠬᠦᠮᠦᠨ ᠤ ᠪᠡᠶ᠎ᠡ ᠶᠢᠨ ᠪᠦᠬᠦ ᠪᠤᠯᠴᠢᠩ ᠨᠤᠭᠤᠳ ᠤᠨ ᠠᠳᠠᠯᠢ ᠲᠠᠷᠢᠬᠢ ᠶᠢ ᠡᠷᠡᠬᠦᠯ᠂ ᠬᠦᠴᠦᠳᠡᠢ | ᠪᠠᠶᠢᠯᠭᠠᠬᠤ ᠶᠢᠨ ᠲᠤᠯᠠᠳᠠ ᠪᠠᠶᠢᠡᠭᠭᠤ ᠶᠢᠨ ᠲᠠᠰᠬᠠᠯ ᠬᠢᠵᠤ ᠪᠠᠶᠢᠬᠤ ᠶᠤᠰᠤᠳᠠᠢ᠃ ᠠᠰᠢᠭᠯᠠᠭᠳᠠᠬᠤ ᠦᠬᠡᠢ ᠵᠦᠢᠯᠡᠰ | ᠦᠬᠢᠷᠡᠵᠦ ᠪᠠᠶᠢᠳᠠᠭ ᠪᠤᠯ ᠠᠰᠢᠭᠯᠠᠭᠳᠠᠵᠤ ᠪᠠᠶᠢᠭ᠎ᠠ ᠵᠦᠢᠯᠡᠰ ᠤᠯᠠᠮ ᠴᠢᠨᠠᠭᠰᠢ ᠬᠦᠭᠵᠢᠵᠦ ᠪᠠᠶᠢᠳᠠᠭ ᠨᠢ | ᠬᠤᠷᠸ᠎ᠠ ᠶᠢᠨ ᠵᠢᠮ᠎ᠠ ᠶᠤᠮ᠃ ᠢᠳᠡᠪᠬᠢᠳᠡᠢ ᠤᠡᠭᠰᠢᠬᠴᠢᠳ ᠪᠢᠳᠠᠨ ᠤ ᠮᠡᠳᠡᠳᠡᠭ ᠢᠶᠠᠷ ᠵᠦᠨᠦᠭᠯᠡᠬᠦ ᠡᠪᠡᠳᠴᠢᠨ ᠳᠤ | ᠨᠡᠷᠪᠡᠭᠳᠡᠬᠦ ᠮᠠᠭᠠᠳᠯᠠᠯ ᠪᠠᠭᠤᠷᠠᠳᠠᠭ ᠨᠢ ᠰᠤᠳᠤᠯᠭ᠎ᠠ ᠪᠠᠷ ᠲᠤᠭᠳᠠᠭᠠᠭᠳᠠᠭᠰᠠᠨ ᠪᠠᠶᠢᠳᠠᠭ᠃ | 2᠂ ᠲᠠᠷᠤᠭᠠᠰᠤ ᠪᠠᠭᠠᠰᠤᠨ᠎ᠠ | ᠠᠵᠢᠯ᠂ ᠬᠢᠴᠢᠶᠠᠯ ᠨᠤᠮ᠂ ᠬᠡᠷ ᠪᠦᠯᠢ᠂ ᠨᠠᠶᠢᠵᠠ ᠨᠦᠬᠦᠳ ᠤᠨ ᠬᠠᠷᠢᠯᠴᠠᠭ᠎ᠠ ᠬᠡᠳ ᠪᠢᠳᠠᠨ ᠳᠤ ᠡᠳᠦᠷ | ᠲᠤᠲᠤᠮ ᠲᠠᠷᠤᠭᠠᠰᠤ ᠲᠠᠢ ᠪᠤᠯᠬᠤ ᠰᠢᠯᠳᠠᠭᠠᠨ ᠲᠦᠮᠡ ᠪᠤᠮᠠ ᠪᠠᠷ ᠢᠶᠠᠨ ᠪᠤᠯᠵᠤ ᠪᠠᠶᠢᠳᠠᠭ᠃ ᠲᠡᠭᠡᠪᠡᠯ ᠰᠡᠶᠢᠨ | ᠵᠤᠬᠢᠶᠠᠯ ᠤᠡᠭᠰᠢᠬᠤ ᠦᠶ᠎ᠡ ᠳᠤ ᠲᠠ ᠨᠤᠮ ᠳᠠᠭᠠᠨ ᠤᠷᠤᠵᠤ ᠡᠳᠦᠷ ᠲᠤᠲᠤᠮ ᠤᠨ ᠠᠮᠢᠳᠤᠷᠠᠯ ᠠᠴᠠ ᠪᠠᠨ ᠠᠯᠢ | ᠬᠡᠳᠦ᠋ᠢᠨ ᠬᠦᠨᠳᠡᠶᠢᠷᠡᠵᠦ ᠵᠤᠪᠠᠯᠠᠩ ᠪᠡᠷᠬᠡᠰᠢᠶᠡᠯ ᠢᠶᠠᠨ ᠲᠦᠷ ᠮᠠᠷᠳᠠᠳᠠᠭ᠃ ᠲᠡᠶᠢᠮᠦ ᠠᠴᠠ ᠨᠤᠮ ᠤᠡᠭᠰᠢᠬᠤ ᠪᠠᠨ | ᠪᠤᠯᠢᠭᠰᠠᠨ ᠴᠤ ᠲᠠᠨ ᠤ ᠪᠡᠷᠬᠡᠰᠢᠶᠡᠯ᠂ ᠲᠠᠨ ᠳᠤ ᠲᠠᠷᠤᠭᠠᠰᠤ ᠪᠤᠯᠤᠭᠰᠠᠨ ᠵᠦᠢᠯ ᠤᠨ ᠰᠢᠯᠳᠠᠭᠠᠨ ᠨᠢ ᠦᠴᠦᠬᠡᠨ | ᠪᠤᠯᠬᠤ ᠶᠢ ᠤᠢᠢᠯᠠᠭᠠᠵᠤ ᠲᠠᠶᠢᠪᠤᠰᠢᠷᠠᠭᠰᠠᠨ ᠪᠠᠶᠢᠳᠠᠭ᠃ | 3᠂ ᠮᠡᠳᠡᠯᠬᠡ ᠲᠡᠯᠡᠨ᠎ᠡ | ᠨᠤᠮ ᠤᠡᠭᠰᠢᠵᠤ ᠪᠠᠶᠢᠬᠤ ᠦᠶ᠎ᠡ ᠳᠡᠭᠡᠨ ᠪᠢᠳᠠ ᠲᠤᠲᠤᠷᠬᠠᠢ ᠬᠡᠮᠵᠢᠶᠡᠨ ᠤ ᠮᠡᠳᠡᠯᠬᠡ ᠶᠢ ᠲᠠᠷᠢᠬᠢᠨ ᠳᠠᠭᠠᠨ | ᠬᠠᠳᠠᠭᠠᠯᠠᠨ ᠠᠪᠴᠤ ᠦᠯᠡᠳᠡᠭᠰᠡᠨ ᠪᠠᠶᠢᠳᠠᠭ᠃ ᠲᠠ ᠬᠢᠷᠢ ᠶᠡᠭᠡ ᠮᠡᠳᠡᠯᠬᠡ ᠲᠠᠢ ᠪᠠᠶᠢᠪᠠᠯ ᠠᠮᠢᠳᠤᠷᠠᠯ ᠳᠤ ᠲᠤᠯᠭᠠᠷᠠᠬᠤ | ᠪᠡᠷᠬᠡᠰᠢᠶᠠᠯ ᠤᠳ ᠢ ᠲᠠᠪᠠᠭ᠋ᠤ ᠴᠢᠳᠠᠪᠤᠷᠢ ᠨᠡᠮᠡᠭᠳᠡᠨ᠎ᠠ᠃ ᠲᠠ ᠠᠵᠢᠯ ᠮᠡᠷᠬᠡᠵᠢᠯ᠂ ᠮᠦᠡᠭᠭᠦ ᠮᠠᠭᠠᠳ ᠦᠬᠡᠢ ᠡᠷᠡᠬᠦᠯ | ᠮᠡᠨᠳᠦ ᠪᠠᠨ ᠠᠯᠳᠠᠭᠰᠠᠨ ᠴᠤ ᠲᠠᠨ ᠤ ᠮᠡᠳᠡᠯᠬᠡ ᠶᠢ ᠬᠡᠨ ᠴᠤ ᠪᠤᠯᠢᠶᠠᠵᠤ ᠠᠪᠬᠤ ᠦᠬᠡᠢ᠃ | 4᠂ ᠦᠬᠡᠰ ᠤᠨ ᠰᠠᠩ ᠪᠠᠶᠠᠵᠢᠨ᠎ᠠ | ᠨᠤᠮ ᠤᠡᠭᠰᠢᠳᠠᠭ ᠬᠦᠮᠦᠰ ᠡᠳᠦᠷ ᠲᠤᠲᠤᠮ ᠤᠨ ᠶᠠᠷᠢᠶᠠᠨ ᠳᠠᠭᠠᠨ ᠴᠤ ᠪᠤᠰᠤᠳ ᠠᠴᠠ ᠢᠯᠡᠬᠦᠦ ᠤᠯᠠᠨ | ᠦᠬᠡ ᠶᠢ ᠠᠰᠢᠭᠯᠠᠵᠤ ᠢᠯᠡᠬᠦᠦ ᠦᠷᠬᠡᠨ ᠬᠦᠷᠢᠶ᠎ᠡ ᠲᠠᠢ ᠶᠠᠷᠢᠳᠠᠭ᠃ ᠲᠠ ᠪᠢᠳᠠ ᠬᠡᠳᠦ᠋ᠢᠪᠡᠷ ᠦᠪᠡᠷ ᠤᠨ | ᠲᠦᠷᠦᠯᠬᠢ ᠬᠡᠯᠡ ᠪᠠᠷ ᠢᠶᠠᠨ ᠬᠠᠨᠭ᠍ᠭᠠᠯᠳᠠᠳᠠᠢ ᠤᠢᠢᠯᠠᠭᠠᠯᠴᠠᠳᠠᠭ ᠪᠤᠯᠪᠠᠴᠤ ᠢᠷᠠᠭᠤ ᠲᠠᠩᠰᠤᠭ ᠦᠬᠡ ᠬᠡᠯᠡᠯᠬᠡ ᠶᠢ | ᠠᠰᠢᠭᠯᠠᠬᠤ ᠦᠬᠡᠢ ᠴᠦᠬᠡᠨ ᠲᠤᠭᠠᠨ ᠤ ᠦᠬᠡᠨ ᠲᠤᠮᠳᠠ ᠡᠷᠬᠢᠯᠳᠦᠵᠦ ᠪᠠᠶᠢᠳᠠᠭ᠃ ᠤᠯᠠᠨ ᠰᠠᠶᠢᠬᠠᠨ ᠦᠬᠡ | ᠠᠰᠢᠭᠯᠠᠵᠤ ᠶᠠᠷᠢᠳᠠᠭ ᠬᠦᠮᠦᠰ ᠢ ᠪᠢᠳᠠ ᠦᠪᠡᠷ ᠤᠨ ᠡᠷᠬᠡ ᠦᠬᠡᠢ ᠬᠦᠨᠳᠦᠳᠬᠡᠨ ᠬᠠᠷᠢᠯᠴᠠᠳᠠᠭ᠃ ᠬᠢᠷᠢ ᠤᠯᠠᠨ | ᠲᠤᠭᠠᠨ ᠤ ᠦᠬᠡ ᠬᠡᠯᠡᠯᠬᠡ ᠠᠰᠢᠭᠯᠠᠵᠤ ᠪᠠᠶᠢᠭ᠎ᠠ ᠨᠢ ᠲᠤᠬᠠᠢ ᠶᠢᠨ ᠬᠦᠮᠦᠨ ᠤ ᠪᠤᠯᠪᠠᠰᠤᠷᠠᠯ ᠤᠨ ᠲᠦᠪᠰᠢᠨ ᠢ | ᠢᠯᠡᠷᠬᠡᠶᠢᠯᠡᠳᠡᠭ ᠪᠠᠰᠠ ᠨᠢᠬᠡ ᠴᠢᠬᠤᠯᠠ ᠦᠵᠡᠬᠦᠯᠦᠯᠳᠡ ᠶᠢᠨ ᠨᠢᠬᠡ ᠪᠠᠶᠢᠳᠠᠭ᠃ ᠮᠦᠨ ᠭᠠᠳᠠᠭᠠᠳᠤ ᠬᠡᠯᠡ ᠰᠤᠷᠴᠤ | ᠪᠤᠢ ᠬᠦᠮᠦᠰ ᠨᠤᠮ ᠲᠤᠭᠳᠠᠮᠠᠯ ᠤᠡᠭᠰᠢᠪᠠᠯ ᠦᠬᠡ ᠶᠢᠨ ᠰᠠᠩ ᠨᠢ ᠪᠠᠶᠠᠵᠢᠵᠤ᠂ ᠦᠬᠡ ᠶᠢ ᠵᠦᠪ ᠬᠡᠷᠡᠭᠯᠡᠬᠦ ᠬᠡᠪᠰᠢᠯ | ᠰᠠᠭᠤᠳᠠᠭ ᠬᠡᠵᠦ ᠭᠠᠳᠠᠭᠠᠳᠤ ᠬᠡᠯᠡᠨ ᠤ ᠪᠠᠭᠰᠢ ᠨᠠᠷ ᠳ᠋ᠥ᠋ᠩᠨᠡᠳᠡᠭ ᠪᠦᠬᠡᠳ ᠬᠡᠯᠡ ᠰᠤᠷᠴᠤ ᠪᠤᠢ ᠵᠠᠯᠠᠭᠤᠰ ᠢ | ᠲᠤᠬᠠᠢ ᠶᠢᠨ ᠬᠡᠯᠡ ᠲᠡᠭᠡᠷᠡᠬᠢ ᠨᠤᠮ ᠵᠤᠬᠢᠶᠠᠯ ᠤᠡᠭᠰᠢᠵᠤ ᠪᠠᠶᠢᠬᠤ ᠶᠢ ᠵᠦᠪᠯᠡᠳᠡᠭ᠃ | 5᠂ ᠤᠢ ᠲᠤᠭᠳᠠᠭᠠᠯᠳᠠ ᠰᠠᠶᠢᠵᠢᠷᠠᠨ᠎ᠠ | ᠶᠠᠮᠠᠷ ᠨᠢᠬᠡ ᠵᠤᠬᠢᠶᠠᠯ ᠤᠡᠭᠰᠢᠵᠤ ᠪᠠᠶᠢᠬᠤ ᠳᠠᠭᠠᠨ ᠪᠢᠳᠠ ᠲᠦᠷᠢ ᠨᠦᠭᠦᠳ ᠤᠨ ᠵᠠᠩ ᠴᠢᠨᠠᠷ᠂ ᠠᠮᠢᠳᠤᠷᠠᠯ ᠤᠨ | ᠵᠠᠮᠨᠠᠯ ᠪᠤᠯᠤᠨ ᠬᠡᠷᠬᠢᠨ ᠰᠢᠵᠢᠮ ᠢᠶᠠᠷ ᠬᠤᠭᠤᠷᠤᠨᠳᠤ ᠪᠠᠨ ᠬᠤᠯᠪᠤᠭᠳᠠᠵᠤ ᠪᠤᠢ ᠬᠡᠬᠦ ᠮᠡᠳᠦ ᠨᠠᠷᠢᠨ ᠲᠦᠪᠡᠭᠳᠡᠢ | ᠵᠦᠢᠯ ᠤᠳ ᠢ ᠨᠢ ᠪᠤᠳᠤᠯᠬᠢᠯᠠᠬᠤ ᠱᠠᠭᠠᠷᠳᠠᠯᠭ᠎ᠠ ᠲᠠᠢ ᠪᠠᠶᠢᠳᠠᠭ᠃ ᠭᠠᠶᠢᠬᠠᠯᠳᠠᠢ ᠨᠢ ᠡ᠊ᠡᠭ ᠤᠨ ᠦᠭᠡ ᠪᠠᠷ | ᠲᠠᠶᠢᠯᠪᠤᠷᠢᠯᠠᠬᠤ ᠳᠤ ᠪᠢᠳᠠᠨ ᠤ ᠲᠠᠷᠢᠬᠢ ᠰᠢᠨ᠎ᠠ ᠵᠦᠢᠯ ᠲᠤᠭᠳᠠᠭᠠᠬᠤ ᠪᠦᠷᠢ ᠳᠤ ᠲᠡᠬᠦᠨ ᠢ ᠬᠠᠳᠠᠭᠠᠯᠠᠬᠤ ᠰᠢᠨ᠎ᠠ | ᠵᠠᠢ ᠶᠢ ᠭᠠᠷᠭᠠᠵᠤ ᠦᠭᠳᠡᠭ ᠲᠤᠯᠠ ᠬᠠᠳᠠᠭᠠᠯᠠᠭᠳᠠᠭᠰᠠᠨ ᠮᠡᠳᠡᠬᠡᠯᠡᠯ ᠬᠤᠭᠤᠷᠤᠨᠳᠤ ᠶᠢᠨ ᠲᠠᠮᠵᠢᠬᠤ ᠵᠠᠮ ᠪᠤᠭᠤᠨᠢᠰᠴᠤ | ᠡᠷᠬᠢᠬᠦᠯᠦᠨ ᠰᠠᠨᠠᠬᠤ ᠵᠠᠮ ᠢ ᠪᠤᠭᠤᠨᠢ ᠪᠤᠯᠭᠠᠳᠠᠭ᠃ ᠲᠡᠶᠢᠮᠦ ᠠᠴᠠ ᠢᠯᠡᠬᠦᠦ ᠶᠡᠭᠡ ᠶᠢ ᠤᠢᠢᠯᠠᠭᠠᠵᠤ ᠲᠤᠭᠳᠠᠭᠠᠬᠤ | ᠲᠤᠰᠤᠮ ᠪᠢᠳᠠᠨ ᠤ ᠲᠠᠷᠢᠬᠢ ᠢᠯᠡᠬᠦᠦ ᠬᠤᠷᠳᠤᠨ ᠰᠢᠭᠤᠷᠬᠠᠢ ᠠᠵᠢᠯᠯᠠᠬᠤ ᠪᠤᠯᠳᠠᠭ᠃ ᠭᠠᠶᠢᠬᠠᠯᠳᠠᠢ ᠪᠢᠰᠢ ᠬᠡᠵᠦ ᠤᠤ | ︖ | 6᠂ ᠳ᠋ᠥ᠋ᠩᠨᠡᠯᠳᠡ ᠬᠢᠬᠦ ᠴᠢᠳᠠᠪᠤᠢ ᠰᠠᠶᠢᠵᠢᠷᠠᠨ᠎ᠠ | ᠶᠡᠬᠡᠨᠭᠬᠢ ᠵᠤᠬᠢᠶᠠᠯ ᠤᠳ ᠲᠡᠭᠡᠷ ᠡ ᠭᠤᠤᠯ ᠪᠠᠭᠠᠳᠤᠷ ᠨᠢ ᠲᠤᠯᠭᠠᠷᠠᠭᠰᠠᠨ ᠶᠠᠮᠠᠷᠪᠠ ᠪᠡᠷᠬᠡᠰᠢᠶᠡᠯ ᠰᠠᠭᠠᠳ ᠢ | ᠲᠠᠪᠠᠳᠠᠭ᠃ ᠡᠨᠡ ᠨᠢ ᠤᠡᠭᠰᠢᠬᠴᠢ ᠪᠢᠳᠠᠨ ᠳᠤ ᠲᠡᠬᠦᠨ ᠤ ᠠᠯᠳᠠᠭ᠎ᠠ ᠠᠴᠠ ᠰᠤᠷᠤᠯᠴᠠᠬᠤ᠂ ᠴᠢᠨᠠᠭᠰᠢᠯᠠᠭᠠᠳ ᠢᠵᠢᠯ | ᠨᠦᠬᠦᠴᠡᠯ ᠪᠠᠶᠢᠳᠠᠯ ᠲᠤᠯᠭᠠᠷᠠᠪᠠᠯ ᠲᠡᠬᠦᠨ ᠢ ᠬᠡᠷᠬᠢᠨ ᠲᠠᠪᠠᠨ ᠲᠤᠭᠤᠯᠬᠤ ᠪᠤᠢ ᠬᠡᠳᠡᠭ ᠠᠷᠭ᠎ᠠ ᠵᠠᠮ ᠢ ᠵᠢᠭᠠᠵᠤ | ᠦᠭᠳᠡᠭ ᠲᠤᠯᠠ ᠪᠢᠳᠠᠨ ᠤ ᠲᠠᠷᠢᠬᠢ ᠶᠢ ᠪᠠᠭ᠎ᠠ ᠦᠬᠡᠢ ᠬᠦᠳᠡᠯᠬᠡᠵᠦ ᠳ᠋ᠥ᠋ᠩᠨᠡᠯᠳᠡ ᠬᠢᠬᠦ ᠴᠢᠳᠠᠪᠤᠷᠢ ᠶᠢ ᠭᠦᠭᠵᠢᠬᠦᠯᠳᠡᠭ᠃ | | 7᠂ ᠲᠦᠪᠯᠡᠷᠡᠬᠦ ᠴᠢᠳᠠᠪᠤᠷᠢ ᠰᠠᠶᠢᠵᠢᠷᠠᠨ᠎ᠠ | ᠢᠨᠲ᠋ᠧᠷᠨᠧᠲ ᠲᠤ ᠰᠠᠭᠤᠷᠢᠯᠠᠭᠰᠠᠨ ᠲᠧᠭ᠌ᠨᠤᠯᠤᠬᠢ ᠶᠢᠨ ᠡᠨᠡ ᠦᠶ᠎ᠡ ᠳᠤ ᠪᠢᠳᠠ ᠠᠯᠢᠪᠠ ᠵᠦᠢᠯ ᠳᠤ | ᠠᠩᠬᠠᠷᠤᠯ ᠢᠶᠠᠨ ᠲᠦᠪᠯᠡᠷᠡᠬᠦᠯᠬᠦ ᠠᠴᠠ ᠭᠠᠳᠠᠨ᠎ᠠ ᠭᠠᠷ ᠤᠳᠠᠰᠤ ᠪᠠᠷ ᠢᠶᠠᠨ ᠨᠠᠶᠢᠵᠠ ᠲᠠᠢ ᠪᠠᠨ ᠬᠠᠷᠢᠯᠴᠠᠨ᠂ | ᠠᠵᠢᠯ ᠤᠨ ᠫᠷᠥᠭᠷᠠᠮ ᠳᠤ ᠱᠠᠭᠠᠷᠳᠠᠯᠭ᠎ᠠ ᠲᠠᠢ ᠦᠭᠬᠦᠭᠳᠡᠯ ᠢᠶᠠᠨ ᠲᠤᠰᠢᠶᠠᠵᠤ᠂ ᠢᠮᠧᠯ ᠳᠡᠭᠡᠨ ᠬᠠᠷᠢᠭᠤ ᠦᠭᠴᠦ᠂ | ᠮᠦᠨ ᠲᠡᠭᠡᠷ᠎ᠠ ᠠᠴᠠ ᠨᠢ ᠰᠦᠯᠵᠢᠶᠡᠨ ᠨᠢᠭᠤᠷ ᠨᠤᠭᠤᠳ ᠢ ᠰᠢᠬᠦᠨ ᠬᠡᠷᠡᠭ ᠲᠠᠢ ᠮᠡᠳᠡᠬᠡᠯᠡᠯ ᠢᠶᠠᠨ ᠬᠠᠶᠢᠵᠤ ᠪᠠᠶᠢᠳᠠᠭ᠃ | ᠶᠠᠭ ᠯᠠ ᠲᠠᠨ ᠢ ᠲᠦᠷᠰᠦᠯᠡᠨ ᠪᠢᠴᠢᠵᠤ ᠪᠤᠢ ᠮᠡᠳᠦ ᠪᠠᠶᠢᠨ᠎ᠠ ᠤᠤ︖ ᠬᠠᠷᠠᠮᠰᠠᠯᠳᠠᠢ ᠨᠢ ᠡᠨᠡ ᠲᠦᠷᠦᠯ ᠤᠨ ᠤᠯᠠᠨ | ᠵᠦᠢᠯ ᠢ ᠵᠡᠷᠬᠡ ᠪᠠᠷ ᠠᠮᠵᠢᠭᠤᠯᠬᠤ ᠬᠦᠰᠡᠯ ᠪᠢᠳᠠᠨ ᠢ ᠢᠯᠡᠬᠦᠦ ᠲᠠᠷᠤᠭᠠᠰᠤ ᠲᠠᠢ ᠪᠤᠯᠭᠠᠵᠤ᠂ ᠠᠵᠢᠯ ᠤᠨ | ᠪᠦᠲᠦᠮᠵᠢ ᠶᠢ ᠪᠠᠭᠤᠷᠠᠭᠤᠯᠵᠤ ᠪᠠᠶᠢᠳᠠᠭ᠃ ᠬᠠᠷᠢᠨ ᠨᠤᠮ ᠤᠡᠭᠰᠢᠵᠤ ᠪᠤᠢ ᠵᠦᠢᠯ ᠳᠡᠭᠡᠨ ᠪᠦᠬᠦ ᠠᠩᠬᠠᠷᠤᠯ ᠢᠶᠠᠨ | ᠲᠦᠪᠯᠡᠷᠡᠬᠦᠯᠳᠡᠭ᠃ ᠲᠡᠶᠢᠮᠦ ᠠᠴᠠ ᠠᠵᠢᠯ ᠢᠶᠠᠨ ᠡᠬᠢᠯᠡᠬᠦ ᠠᠴᠠ ᠡᠮᠦᠨ᠎ᠡ 15 — 20 ᠮᠢᠨᠦ᠋ᠲ ᠨᠤᠮ ᠤᠡᠭᠰᠢᠵᠤ | ᠬᠡᠪᠰᠢᠬᠦ ᠨᠢ ᠲᠠᠷᠢᠬᠢ ᠪᠠᠨ ᠴᠢᠯᠦᠬᠡᠯᠡᠨ ᠠᠵᠢᠯ ᠳᠠᠭᠠᠨ ᠠᠩᠬᠠᠷᠤᠯ ᠢᠶᠠᠨ ᠢᠯᠡᠬᠦᠦ ᠲᠦᠪᠯᠡᠷᠡᠬᠦᠯᠳᠡᠭ ᠪᠤᠯᠬᠤ ᠶᠢ | ᠰᠤᠳᠤᠯᠤᠭᠠᠴᠢᠳ ᠨᠤᠳᠠᠯᠠᠵᠠᠢ᠃ ᠲᠠ ᠴᠤ ᠮᠦᠨ ᠲᠤᠷᠰᠢᠭᠠᠳ ᠦᠵᠡᠬᠡᠷᠡᠢ︕ | 8᠂ ᠪᠢᠴᠢᠬᠦ ᠴᠢᠳᠠᠪᠤᠷᠢ ᠰᠠᠶᠢᠵᠢᠷᠠᠨ᠎ᠠ | ᠶᠠᠮᠠᠷ ᠴᠤ ᠰᠡᠶᠢᠨ ᠪᠢᠴᠢᠪᠦᠷᠢ ᠳᠤ ᠪᠤᠰᠤᠳ ᠤᠨ ᠦᠢᠯᠡᠳᠦᠯᠬᠡ ᠠᠴᠠ ᠤᠯᠤᠭᠰᠠᠨ ᠲᠤᠷᠰᠢᠯᠭ᠎ᠠ ᠤᠷᠤᠳᠠᠭ᠃ | ᠲᠡᠶᠢᠮᠦ ᠠᠴᠠ ᠬᠡᠨ ᠢᠯᠡᠬᠦᠦ ᠶᠡᠭᠡ ᠶᠢ ᠤᠡᠭᠰᠢᠪᠠᠯ ᠲᠡᠬᠦᠨ ᠤ ᠵᠢᠱᠢᠶ᠎ᠠ ᠠᠪᠴᠤ ᠪᠢᠴᠢᠬᠦ᠂ ᠰᠡᠳᠦᠪ ᠢᠶᠠᠨ | ᠪᠠᠶᠠᠵᠢᠭᠤᠯᠬᠤ ᠴᠢᠳᠠᠪᠤᠷᠢ ᠲᠠᠭᠠᠭᠠᠳ ᠦᠰᠳᠡᠭ ᠪᠤᠯᠬᠤ ᠨᠢ ᠮᠠᠷᠭᠤᠭᠠᠨ ᠦᠬᠡᠢ ᠦᠨᠡᠨ᠃ | 9᠂ ᠡᠷᠡᠬᠦᠯ ᠮᠡᠨᠳᠦ ᠳᠤ ᠲᠤᠰᠠᠳᠠᠢ | ᠰᠡᠳᠬᠢᠯ ᠵᠦᠢ ᠶᠢᠨ ᠬᠤᠪᠢ ᠳᠤ ᠲᠤᠭᠳᠠᠪᠤᠷᠢ ᠦᠬᠡᠢ᠂ ᠤᠭᠵᠤᠮ ᠰᠢᠷᠦᠬᠦᠨ ᠵᠠᠩ ᠲᠠᠢ ᠬᠦᠮᠦᠰ ᠢ ᠨᠤᠮ | ᠤᠡᠭᠰᠢᠵᠤ ᠲᠠᠶᠢᠪᠦᠰᠢᠷᠠᠵᠤ ᠪᠠᠶᠢᠬᠤ ᠶᠢ ᠵᠦᠪᠯᠡᠳᠡᠭ᠃ ᠤᠴᠢᠷ ᠨᠢ ᠬᠦᠮᠦᠨ ᠨᠤᠮ ᠠᠴᠠ ᠦᠪᠡᠷ ᠢ ᠪᠠᠨ ᠲᠠᠨᠢᠬᠤ᠂ | ᠲᠤᠲᠤᠭᠠᠳᠤ ᠠᠮᠤᠷ ᠠᠮᠤᠭᠤᠯᠠᠩ ᠢ ᠤᠯᠬᠤ ᠪᠤᠯᠤᠮᠵᠢ ᠲᠠᠢ ᠪᠠᠶᠢᠳᠠᠭ᠃ ᠨᠤᠮ ᠤᠡᠭᠰᠢᠬᠤ ᠨᠢ ᠬᠦᠮᠦᠨ ᠤ ᠲᠠᠷᠢᠬᠢ ᠶᠢ | ᠤᠯᠠᠨ ᠪᠤᠳᠤᠯ ᠠᠴᠠ ᠴᠢᠯᠦᠬᠡᠯᠡᠵᠦ ᠦᠭᠳᠡᠭ ᠲᠤᠯᠠ ᠮᠠᠰᠢ ᠬᠤᠷᠳᠤᠨ᠂ ᠪᠦᠬᠡ ᠰᠡᠶᠢᠨ ᠤᠨᠳᠠᠬᠤ ᠨᠦᠢᠷᠤᠨ ᠤ ᠡᠮ | ᠪᠤᠯᠬᠤ ᠪᠤᠯᠤᠮᠵᠢ ᠲᠠᠢ᠃ ᠮᠦᠨ ᠰᠠᠶ᠋ᠢᠬᠠᠨ ᠤ ᠨᠢᠬᠡᠨ ᠰᠤᠳᠤᠯᠭ᠎ᠠ ᠪᠠᠷ ᠤᠡᠭᠰᠢᠳᠠᠭ ᠬᠦᠮᠦᠰ ᠰᠡᠳᠬᠢᠯ ᠰᠠᠨᠠᠭᠠᠨ ᠤ | ᠬᠤᠪᠢ ᠳᠤ ᠲᠤᠭᠳᠠᠪᠤᠷᠢᠳᠠᠢ᠂ ᠵᠠᠯᠠᠭᠤ ᠪᠠᠶᠢᠵᠤ ᠡᠯᠳᠡᠪ ᠡᠪᠡᠳᠴᠢᠨ ᠲᠤᠰᠬᠤ ᠮᠠᠭᠠᠳᠯᠠᠯ ᠨᠢ ᠪᠠᠭᠤᠷᠠᠳᠠᠭ ᠲᠤᠯᠠ | ᠨᠤᠮ ᠤᠡᠭᠰᠢᠳᠠᠬ ᠦᠬᠡᠢ ᠬᠦᠮᠦᠰ ᠲᠠᠢ ᠬᠠᠷᠢᠴᠠᠭᠤᠯᠬᠤ ᠳᠤ ᠤᠷᠳᠤ ᠨᠠᠰᠤᠯᠠᠳᠠᠭ ᠨᠢ ᠲᠤᠭᠳᠠᠭᠠᠭᠳᠠᠭᠰᠠᠨ᠃ | 10᠂ ᠪᠦᠲᠦᠬᠡᠯᠴᠢ ᠪᠤᠯᠤᠨ ᠤᠷᠭᠤᠭᠤᠯᠤᠨ ᠲᠦᠰᠦᠬᠡᠯᠡᠬᠦ ᠴᠢᠳᠠᠪᠤᠷᠢ ᠦᠰᠦᠨ᠎ᠠ | ᠪᠢᠳᠠ ᠨᠤᠮ ᠲᠡᠭᠡᠷᠡᠬᠢ ᠲᠡᠶᠢᠯᠪᠤᠷᠢᠯᠠᠭᠰᠠᠨ ᠵᠢᠷᠤᠭᠯᠠᠯ ᠠᠴᠠ ᠦᠪᠡᠷ ᠤᠨ ᠬᠡᠵᠢᠶ᠎ᠡ ᠴᠤ ᠪᠠᠶᠢᠵᠤ ᠦᠵᠡᠭᠡ | ᠦᠬᠡᠢ ᠤᠷᠴᠢᠨ ᠳᠤ ᠲᠦᠰᠦᠬᠡᠯᠡᠯ ᠤᠨ ᠠᠴᠢ ᠪᠠᠷ ᠢᠶᠠᠨ ᠤᠴᠢᠵᠤ ᠴᠢᠳᠠᠳᠠᠭ᠃ ᠤᠷᠭᠤᠭᠤᠯᠤᠨ ᠪᠤᠳᠤᠬᠤ᠂ | ᠲᠦᠰᠦᠬᠡᠯᠡᠬᠦ ᠴᠢᠳᠠᠪᠤᠷᠢ ᠶᠢ ᠨᠤᠮ ᠤᠡᠭᠰᠢᠵᠤ ᠪᠠᠶᠢᠡᠭᠭᠤ ᠬᠦᠭᠵᠢᠬᠦᠯᠬᠦ ᠨᠢ ᠬᠦᠮᠦᠨ ᠤ ᠪᠦᠲᠦᠬᠡᠯᠴᠢ ᠰᠡᠳᠬᠢᠬᠦᠢ ᠶᠢ | ᠬᠦᠭᠵᠢᠬᠡᠳᠡᠭ ᠪᠤᠯᠬᠤ ᠨᠢ ᠤᠯᠠᠨ ᠰᠤᠳᠤᠯᠭᠠᠨ ᠤ ᠳ᠋ᠥ᠋ᠩ ᠠᠴᠠ ᠬᠠᠷᠠᠭᠳᠠᠵᠠᠢ᠃ | | | | |