ᠯᠢ ᠺᠧ ᠴᠢᠶᠠᠩ ᠲᠦᠷᠦ ᠶᠢᠨ ᠶᠠᠪᠤᠳᠠᠯ ᠤᠨ ᠬᠤᠷᠢᠶᠠᠨ ᠤ ᠪᠠᠶᠢᠩᠭᠤ ᠶᠢᠨ ᠬᠤᠷᠠᠯ ᠢ ᠡᠷᠬᠢᠯᠡᠨ ᠬᠤᠷᠠᠯᠳᠤᠭᠤᠯᠪᠠ
ᠨᠡᠶᠢᠲᠡᠯᠡᠭᠰᠡᠨ ᠴᠠᠭ᠄
2022/4/29
       ᠯᠢ ᠺᠧ ᠴᠢᠶᠠᠩ ᠲᠦᠷᠦ ᠶᠢᠨ ᠶᠠᠪᠤᠳᠠᠯ ᠤᠨ ᠬᠤᠷᠢᠶᠠᠨ ᠤ ᠪᠠᠶᠢᠩᠭᠤ ᠶᠢᠨ ᠬᠤᠷᠠᠯ ᠢ ᠡᠷᠬᠢᠯᠡᠨ ᠬᠤᠷᠠᠯᠳᠤᠭᠤᠯᠪᠠ      ᠠᠵᠢᠯ ᠤᠨ ᠪᠠᠶᠢᠷᠢ ᠶᠢ ᠲᠣᠭᠲᠠᠪᠤᠷᠢᠵᠢᠭᠤᠯᠤᠨ ᠠᠵᠢᠯ ᠣᠯᠭᠤᠯᠲᠠ ᠶᠢ ᠠᠬᠢᠭᠤᠯᠬᠤ ᠲᠥᠷᠥ ᠶᠢᠨ ᠪᠣᠳᠣᠯᠭ᠎ᠠ ᠶᠢᠨ ᠡᠷᠴᠢᠮ ᠢ ᠴᠢᠩᠭᠠᠷᠠᠭᠤᠯᠵᠤ᠂ ᠠᠵᠢᠯ ᠣᠯᠭᠤᠯᠲᠠ ᠶᠢᠨ ᠲᠣᠭᠲᠠᠭᠤᠨ ᠪᠠᠶᠢᠳᠠᠯ ᠪᠠ ᠠᠵᠤ ᠠᠬᠤᠢ ᠶᠢᠨ ᠲᠣᠭᠲᠠᠭᠤᠨ ᠬᠥᠭᠵᠢᠯᠲᠡ ᠶᠢ ᠪᠠᠲᠤᠯᠠᠬᠤ ᠪᠠᠷ ᠲᠣᠭᠲᠠᠭᠠᠪᠠ      ᠵᠠᠮ ᠬᠠᠷᠢᠯᠴᠠᠭ᠎ᠠ ᠡᠳ᠋ ᠪᠠᠷᠠᠭᠠᠨ ᠤ ᠭᠦᠢᠯᠭᠡᠭᠡᠨ ᠤ ᠰᠠᠭᠠᠳ ᠦᠭᠡᠢ ᠨᠡᠪᠲᠡᠷᠡᠬᠦ ᠶᠢ ᠪᠠᠲᠤᠯᠠᠬᠤ ᠠᠵᠢᠯ ᠤᠨ ᠬᠠᠷᠢᠭᠤ ᠮᠡᠳᠡᠭᠦᠯᠦᠯᠲᠡ ᠶᠢ ᠰᠣᠨᠣᠰᠴᠤ᠂ ᠲᠦᠭᠵᠢᠷᠡᠯ ᠤᠨ ᠴᠡᠭ ᠢ ᠤᠯᠠᠮ ᠨᠢᠭᠡ ᠠᠯᠬᠤᠮ ᠨᠠᠪᠲᠠᠷᠡᠭᠦᠯᠵᠦ᠂ ᠰᠠᠭᠠᠳ ᠦᠭᠡᠢ ᠡᠷᠭᠢᠯᠳᠦᠭᠦᠯᠬᠦ ᠬᠡᠷᠡᠭᠲᠡᠢ ᠭᠡᠵᠦ ᠱᠠᠭᠠᠷᠳᠠᠪᠠ      ᠰᠢᠨᠬᠤᠸᠠ ᠬᠤᠷᠢᠶᠠᠨ ᠤ ᠪᠡᠭᠡᠵᠢᠩ ᠤᠨ 4 ᠳ᠋ᠦ᠋ᠭᠡᠷ ᠰᠠᠷ᠎ᠠ ᠶᠢᠨ 27 ᠤ ᠡᠳᠦᠷ ᠤᠨ ᠴᠠᠬᠢᠯᠭᠠᠨ ᠮᠡᠳᠡᠭᠡ  ᠲᠦᠷᠦ ᠶᠢᠨ ᠶᠠᠪᠤᠳᠠᠯ ᠤᠨ ᠬᠤᠷᠢᠶᠠᠨ ᠤ ᠶᠡᠷᠦᠩᠬᠡᠢ ᠰᠠᠶᠢᠳ ᠯᠢ ᠺᠧ ᠴᠢᠶᠠᠩ 4 ᠳ᠋ᠦ᠋ᠭᠡᠷ ᠰᠠᠷ᠎ᠠ ᠶᠢᠨ 27 ᠤ ᠡᠳᠦᠷ ᠲᠦᠷᠦ ᠶᠢᠨ ᠶᠠᠪᠤᠳᠠᠯ ᠤᠨ ᠬᠤᠷᠢᠶᠠᠨ ᠤ ᠪᠠᠶᠢᠩᠭᠤ ᠶᠢᠨ ᠬᠤᠷᠠᠯ ᠢ ᠡᠷᠬᠢᠯᠡᠨ ᠬᠤᠷᠠᠯᠳᠤᠭᠤᠯᠵᠤ᠂ ᠠᠵᠢᠯ ᠤᠨ ᠪᠠᠶᠢᠷᠢ ᠶᠢ ᠲᠣᠭᠲᠠᠪᠤᠷᠢᠵᠢᠭᠤᠯᠵᠤ ᠠᠵᠢᠯ ᠣᠯᠭᠤᠯᠲᠠ ᠶᠢ ᠠᠬᠢᠭᠤᠯᠬᠤ ᠲᠦᠷᠦ ᠶᠢᠨ ᠪᠣᠳᠣᠯᠭ᠎ᠠ ᠶᠢᠨ ᠡᠷᠴᠢᠮ ᠢ ᠴᠢᠩᠭᠠᠷᠠᠭᠤᠯᠵᠤ᠂ ᠠᠵᠢᠯ ᠣᠯᠭᠤᠯᠲᠠ ᠶᠢᠨ ᠲᠣᠭᠲᠠᠭᠤᠨ ᠪᠠᠶᠢᠳᠠᠯ ᠪᠠ ᠠᠵᠤ ᠠᠬᠤᠢ ᠶᠢᠨ ᠲᠣᠭᠲᠠᠭᠤᠨ ᠬᠥᠭᠵᠢᠯᠲᠡ ᠶᠢ ᠪᠠᠲᠤᠯᠠᠬᠤ ᠪᠠᠷ ᠲᠣᠭᠲᠠᠭᠠᠪᠠ︔ ᠵᠠᠮ ᠬᠠᠷᠢᠯᠴᠠᠭ᠎ᠠ ᠡᠳ᠋ ᠪᠠᠷᠠᠭᠠᠨ ᠤ ᠭᠦᠢᠯᠭᠡᠭᠡᠨ ᠤ ᠰᠠᠭᠠᠳ ᠦᠭᠡᠢ ᠨᠡᠪᠲᠡᠷᠡᠬᠦ ᠶᠢ ᠪᠠᠲᠤᠯᠠᠬᠤ ᠠᠵᠢᠯ ᠤᠨ ᠬᠠᠷᠢᠭᠤ ᠮᠡᠳᠡᠭᠦᠯᠦᠯᠲᠡ ᠶᠢ ᠰᠣᠨᠣᠰᠴᠤ᠂ ᠲᠥᠭᠵᠢᠷᠡᠯ ᠤᠨ ᠴᠡᠭ ᠢ ᠤᠯᠠᠮ ᠨᠢᠭᠡ ᠠᠯᠬᠤᠮ ᠨᠠᠪᠲᠠᠷᠡᠭᠦᠯᠵᠦ᠂ ᠰᠠᠭᠠᠳ ᠦᠭᠡᠢ ᠡᠷᠭᠢᠯᠳᠦᠭᠦᠯᠬᠦ ᠬᠡᠷᠡᠭᠲᠡᠢ ᠭᠡᠵᠦ ᠱᠠᠭᠠᠷᠳᠠᠪᠠ᠃      ᠬᠤᠷᠠᠯ ᠠᠴᠠ ᠵᠢᠭᠠᠬᠤ ᠳᠤ ᠪᠠᠨ᠂ ᠠᠵᠢᠯ ᠣᠯᠭᠤᠯᠲᠠ ᠶᠢ ᠲᠣᠭᠲᠠᠪᠤᠷᠢᠵᠢᠭᠤᠯᠬᠤ ᠪᠣᠯ ᠠᠵᠤ ᠠᠬᠤᠢ ᠶᠢᠨ ᠠᠵᠢᠯᠯᠠᠭᠠᠨ ᠢ ᠵᠦᠢ ᠵᠣᠬᠢᠰᠲᠠᠢ ᠣᠷᠣᠨ ᠵᠠᠢ ᠳᠤ ᠪᠠᠶᠢᠯᠭᠠᠬᠤ ᠶᠢ ᠪᠠᠲᠤᠯᠠᠬᠤ ᠵᠠᠩᠭᠢᠯᠠᠭ᠎ᠠ ᠶᠢᠨ ᠲᠤᠯᠭᠠᠭᠤᠷᠢᠯᠠᠯ ᠪᠣᠯᠣᠨ᠎ᠠ᠃ ᠨᠠᠮ ᠤᠨ ᠲᠥᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶᠠᠨ ᠤ ᠪᠠᠶᠢᠷᠢᠯᠠᠭᠤᠯᠤᠯᠲᠠ ᠶᠢ ᠨᠠᠶᠢᠳᠠᠪᠤᠷᠢᠵᠢᠭᠤᠯᠵᠤ᠂ ᠨᠡᠩ ᠬᠦᠴᠦᠲᠡᠢ ᠠᠷᠭ᠎ᠠ ᠬᠡᠮᠵᠢᠶ᠎ᠡ ᠠᠪᠴᠤ ᠪᠠᠶᠢᠭᠠᠳ ᠠᠵᠢᠯ ᠣᠯᠭᠤᠯᠲᠠ ᠶᠢ ᠲᠣᠭᠲᠠᠪᠤᠷᠢᠵᠢᠭᠤᠯᠬᠤ ᠬᠡᠷᠡᠭᠲᠡᠢ᠃ ᠨᠢᠭᠡ ᠳᠤ᠂ ᠠᠵᠤ ᠠᠬᠤᠶᠢᠯᠠᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠰᠠᠶᠢᠲᠤᠷ ᠬᠢᠭᠰᠡᠨ ᠨᠥᠬᠦᠴᠡᠯ ᠳᠣᠣᠷ᠎ᠠ ᠠᠵᠢᠯ ᠢᠶᠠᠨ ᠰᠡᠷᠭᠦᠭᠡᠵᠦ ᠦᠢᠯᠡᠳᠪᠦᠷᠢᠯᠡᠯ ᠳᠤ ᠣᠷᠣᠭᠤᠯᠬᠤ ᠶᠢ ᠠᠬᠢᠭᠤᠯᠵᠤ᠂ ᠣᠨᠴᠠᠭᠠᠶᠢᠯᠠᠨ ᠠᠵᠤ ᠦᠢᠯᠡᠰ ᠤᠨ ᠬᠡᠯᠬᠢᠶ᠎ᠡ ᠪᠠ ᠬᠠᠩᠭᠠᠯᠭ᠎ᠠ ᠶᠢᠨ ᠬᠡᠯᠬᠢᠶ᠎ᠡ ᠶᠢᠨ ᠭᠤᠣᠯᠳᠠᠯᠭ᠎ᠠ ᠲᠠᠢ ᠠᠵᠤ ᠠᠬᠤᠶᠢᠯᠠᠯ᠂ ᠵᠠᠮ ᠬᠠᠷᠢᠯᠴᠠᠭ᠎ᠠ ᠡᠳ᠋ ᠪᠠᠷᠠᠭᠠᠨ ᠤ ᠭᠦᠢᠯᠭᠡᠭᠡᠨ ᠤ ᠠᠵᠤ ᠠᠬᠤᠶᠢᠯᠠᠯ᠂ ᠬᠢᠵᠢᠭ ᠢ ᠡᠰᠡᠷᠭᠦᠴᠡᠨ ᠬᠠᠩᠭᠠᠯᠭ᠎ᠠ ᠶᠢ ᠪᠠᠲᠤᠯᠠᠬᠤ ᠠᠵᠤ ᠠᠬᠤᠶᠢᠯᠠᠯ᠂ ᠵᠠᠩᠭᠢᠯᠠᠭ᠎ᠠ ᠶᠢᠨ ᠰᠠᠭᠤᠷᠢ ᠪᠡᠯᠡᠳᠬᠡᠮᠵᠢ ᠵᠡᠷᠭᠡ ᠶᠢᠨ ᠬᠡᠪ ᠤᠨ ᠠᠵᠢᠯᠯᠠᠭᠠᠨ ᠢ ᠪᠠᠲᠤᠯᠠᠵᠤ᠂ ᠬᠦᠴᠢᠷᠳᠡᠯ ᠶᠡᠬᠡᠲᠡᠢ ᠳᠤ ᠨᠢ ︽ᠴᠡᠭ ᠠᠴᠠ ᠴᠡᠭ ᠲᠤ ᠬᠦᠷᠭᠡᠬᠦ︾ ᠠᠷᠭ᠎ᠠ ᠶᠢ ᠠᠪᠴᠤ ᠬᠠᠪᠰᠤᠷᠤᠨ ᠲᠡᠳᠬᠦᠬᠦ ᠬᠡᠷᠡᠭᠲᠡᠢ᠃ ᠬᠤᠶᠠᠷ ᠲᠤ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠠᠵᠢᠯ ᠤᠨ ᠪᠠᠶᠢᠷᠢ ᠪᠠᠨ ᠲᠣᠭᠲᠠᠭᠤᠨ ᠪᠠᠶᠢᠯᠭᠠᠬᠤ ᠶᠢ ᠬᠦᠴᠦᠯᠡᠨ ᠳᠡᠮᠵᠢᠬᠦ ᠬᠡᠷᠡᠭᠲᠡᠢ᠃ ᠨᠠᠰᠤᠵᠢᠯ ᠤᠨ ᠠᠰᠠᠷᠠᠮᠵᠢ᠂ ᠠᠵᠢᠯ ᠠᠯᠳᠠᠯᠲᠠ᠂ ᠠᠵᠢᠯ ᠠᠴᠠ ᠪᠣᠯᠤᠭᠰᠠᠨ ᠭᠡᠮᠲᠦᠯ ᠤᠨ ᠳᠠᠭᠠᠳᠬᠠᠯ ᠤᠨ ᠰᠦᠢᠳᠬᠡᠯ ᠢ ᠱᠠᠲᠤᠴᠢ ᠴᠢᠨᠠᠷᠲᠠᠢ ᠪᠠᠷ ᠬᠤᠶᠢᠰᠢᠯᠠᠭᠤᠯᠤᠨ ᠲᠤᠰᠢᠶᠠᠬᠤ ᠲᠦᠷᠦ ᠶᠢᠨ ᠪᠣᠳᠣᠯᠭ᠎ᠠ ᠶᠢ ᠣᠨᠴᠠ ᠬᠦᠴᠢᠷᠳᠡᠯ ᠲᠠᠢ 5 ᠠᠵᠢᠯ ᠲᠦᠷᠦᠯ ᠠᠴᠠ ᠬᠢᠵᠢᠭ ᠤᠨ ᠨᠥᠯᠥᠭᠡ ᠠᠴᠠ ᠪᠣᠯᠵᠤ ᠡᠵᠡᠩᠨᠡᠯᠲᠡ ᠨᠢ ᠬᠦᠴᠢᠷᠳᠡᠯ ᠲᠠᠢ ᠪᠣᠯᠣᠭᠰᠠᠨ ᠪᠤᠢ ᠪᠦᠬᠦᠢ ᠳᠤᠮᠳᠠ ᠵᠢᠵᠢᠭ ᠪᠢᠴᠢᠯ ᠠᠵᠤ ᠠᠬᠤᠶᠢᠯᠠᠯ᠂ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠬᠦᠷᠲᠡᠯ᠎ᠡ ᠥᠷᠭᠡᠳᠬᠡᠨ᠎ᠡ᠃ ᠳᠤᠮᠳᠠ ᠵᠢᠵᠢᠭ ᠪᠢᠴᠢᠯ ᠠᠵᠤ ᠠᠬᠤᠶᠢᠯᠠᠯ᠂ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠶᠢᠨ ᠠᠵᠢᠯ ᠠᠯᠳᠠᠭᠰᠠᠳ ᠤᠨ ᠳᠠᠭᠠᠳᠬᠠᠯ ᠤᠨ ᠠᠵᠢᠯ ᠤᠨ ᠪᠠᠶᠢᠷᠢ ᠶᠢ ᠲᠣᠭᠲᠠᠪᠤᠷᠢᠵᠢᠭᠤᠯᠤᠨ ᠪᠤᠴᠠᠭᠠᠬᠤ ᠬᠠᠷᠢᠴᠠᠯ ᠢ ᠬᠠᠮᠤᠭ ᠤᠨ ᠥᠨᠳᠥᠷ ᠲᠤ ᠪᠠᠨ 90% ᠳᠤ ᠬᠦᠷᠭᠡᠨ᠎ᠡ᠃ ᠣᠷᠣᠨ ᠨᠤᠲᠤᠭ ᠠᠴᠠ ᠣᠨᠴᠠ ᠬᠦᠴᠢᠷᠳᠡᠯᠲᠡᠢ ᠠᠵᠢᠯ ᠲᠥᠷᠥᠯ ᠤᠨ ᠬᠡᠷᠡᠭᠯᠡᠬᠦ ᠴᠠᠬᠢᠯᠭᠠᠨ ᠳᠤ ᠱᠠᠲᠤᠴᠢ ᠴᠢᠨᠠᠷᠲᠠᠢ ᠬᠠᠷᠠᠭᠠᠯᠵᠠᠯ ᠦᠵᠡᠭᠦᠯᠬᠦ ᠶᠢ ᠳᠡᠮᠵᠢᠵᠦ᠂ ᠳᠤᠮᠳᠠ ᠵᠢᠵᠢᠭ ᠪᠢᠴᠢᠯ ᠠᠵᠤ ᠠᠬᠤᠶᠢᠯᠠᠯ ᠳᠤ ᠥᠷᠭᠡᠨ ᠪᠦᠰᠡ ᠪᠠ ᠲᠤᠰᠬᠠᠢ ᠱᠤᠭᠤᠮ ᠤᠨ ᠵᠠᠷᠤᠳᠠᠯ ᠤᠨ ᠬᠠᠷᠠᠭᠠᠯᠵᠠᠯ ᠢ ᠦᠷᠭᠦᠯᠵᠢᠯᠡᠨ ᠣᠯᠭᠤᠵᠤ᠂ ᠰᠦᠯᠵᠢᠶᠡᠨ ᠳᠡᠭᠡᠷ᠎ᠡ ᠠᠵᠢᠯ ᠣᠯᠵᠤ ᠠᠳᠠᠯ ᠦᠢᠯᠡᠰ ᠴᠣᠭᠴᠠᠯᠠᠬᠤ ᠪᠠ ᠭᠡᠷ ᠲᠤ ᠪᠠᠨ ᠰᠠᠭᠤᠵᠤ ᠠᠵᠢᠯᠯᠠᠬᠤ ᠥᠪᠡᠷ ᠤᠨ ᠥᠷᠲᠡᠭ ᠢ ᠨᠢ ᠪᠠᠭᠤᠷᠠᠭᠤᠯᠤᠨ᠎ᠠ᠃ ᠠᠵᠤ ᠠᠬᠤᠶᠢᠯᠠᠯ ᠨᠢ ᠠᠵᠢᠯᠲᠠᠨ ᠠᠵᠢᠯᠴᠢᠨ ᠲᠠᠢ ᠬᠠᠷᠢᠮᠠᠬᠠᠢ ᠴᠢᠨᠠᠷᠲᠠᠢ ᠠᠵᠢᠯ ᠤᠨ ᠳᠦᠷᠢᠮ ᠤᠨ ᠠᠵᠢᠯ ᠤᠨ ᠪᠠᠶᠢᠷᠢ ᠶᠢ ᠲᠣᠭᠲᠠᠪᠤᠷᠢᠲᠠᠢ ᠪᠠᠶᠢᠯᠭᠠᠬᠤ ᠶᠢ ᠵᠥᠪᠳᠡᠯᠴᠡᠵᠦ ᠪᠣᠯᠣᠨ᠎ᠠ᠃ ᠲᠠᠪᠴᠠᠩ ᠤᠨ ᠠᠵᠤ ᠠᠬᠤᠢ ᠶᠢᠨ ᠡᠷᠡᠭᠦᠯ ᠢᠶᠠᠷ ᠬᠥᠭᠵᠢᠬᠦ ᠶᠢ ᠠᠬᠢᠭᠤᠯᠵᠤ᠂ ᠨᠡᠩ ᠤᠯᠠᠨ ᠠᠵᠢᠯ ᠣᠯᠭᠤᠯᠲᠠ ᠶᠢ ᠲᠠᠶᠢᠴᠢᠯᠠᠨ᠎ᠠ᠃ ᠭᠤᠷᠪᠠ ᠳᠤ᠂ ᠠᠵᠢᠯ ᠣᠯᠭᠤᠯᠲᠠ ᠶᠢᠨ ᠠᠵᠢᠯ ᠤᠨ ᠪᠠᠶᠢᠷᠢ ᠶᠢ ᠥᠷᠭᠡᠳᠬᠡᠬᠦ ᠬᠡᠷᠡᠭᠲᠡᠢ᠃  ᠶᠡᠭᠡ ᠳᠡᠭᠡᠳᠦ ᠰᠤᠷᠭᠠᠭᠤᠯᠢ ᠲᠡᠭᠦᠰᠦᠭᠰᠡᠳ ᠤᠨ ᠪᠡᠶ᠎ᠡ ᠪᠠᠨ ᠳᠠᠭᠠᠭᠠᠵᠤ ᠠᠳᠠᠯ ᠦᠢᠯᠡᠰ ᠴᠣᠭᠴᠠᠯᠠᠬᠤ ᠶᠢ ᠳᠡᠮᠵᠢᠵᠦ᠂ ᠪᠥᠬᠦᠳᠡ ᠣᠯᠠᠨ ᠢᠶᠠᠷ ᠢᠶᠠᠨ ᠠᠳᠠᠯ ᠦᠢᠯᠡᠰ ᠴᠣᠭᠴᠠᠯᠠᠵᠤ᠂ ᠲᠦᠮᠡᠨ ᠣᠯᠠᠨ ᠢᠶᠠᠷ ᠢᠶᠠᠨ ᠰᠢᠨ᠎ᠡ ᠶᠢ ᠡᠭᠦᠳᠬᠦ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠨ᠎ᠠ᠃ ᠶᠡᠭᠡ ᠳᠡᠭᠡᠳᠦ ᠰᠤᠷᠭᠠᠭᠤᠯᠢ ᠲᠡᠭᠦᠰᠦᠭᠰᠡᠳ ᠵᠡᠷᠭᠡ ᠵᠠᠯᠠᠭᠤᠴᠤᠳ ᠤᠨ ︽ᠵᠠᠭᠤᠨ ᠲᠦᠮᠡᠨ ᠲᠥᠭᠦᠷᠢᠭ ᠤᠨ ᠠᠵᠢᠯ ᠣᠯᠭᠤᠯᠲᠠ ᠶᠢᠨ ᠳᠠᠳᠤᠯᠭ᠎ᠠ︾ ᠶᠢ ᠠᠬᠢᠭᠤᠯᠵᠤ᠂ ᠳᠠᠳᠤᠯᠭ᠎ᠠ ᠶᠢ ᠭᠥᠯᠢᠶᠡᠨ ᠠᠪᠤᠭᠰᠠᠨ ᠨᠢᠭᠡᠴᠢ ᠳᠤ ᠨᠥᠬᠦᠪᠦᠷᠢ ᠥᠭᠭᠦᠨ᠎ᠡ᠃ ᠨᠢᠭᠡ ᠪᠦᠯᠦᠭ ᠲᠠᠷᠢᠶᠠᠯᠠᠩ ᠤᠨ ᠤᠰᠤᠨ ᠠᠰᠢᠭᠯᠠᠯᠲᠠ᠂ ᠬᠥᠳᠡᠭᠡ ᠲᠣᠰᠬᠤᠨ ᠤ ᠵᠠᠰᠠᠮᠠᠯ ᠵᠠᠮ ᠵᠡᠷᠭᠡ ᠶᠢᠨ ᠢᠨᠵᠧᠨᠧᠷᠢᠩ ᠢ ᠡᠬᠢᠯᠡᠭᠦᠯᠵᠦ᠂ ᠠᠵᠢᠯ ᠣᠯᠭᠤᠬᠤ ᠪᠠᠷ ᠲᠡᠳᠬᠦᠮᠵᠢ ᠶᠢ ᠣᠷᠣᠯᠠᠭᠤᠯᠬᠤ ᠶᠢ ᠳᠡᠯᠭᠡᠷᠡᠭᠦᠯᠵᠦ᠂ ᠬᠥᠯᠥᠰᠦᠨ ᠠᠵᠢᠯᠴᠢᠨ ᠳᠤ ᠣᠯᠭᠤᠬᠤ ᠠᠵᠢᠯ ᠤᠨ ᠪᠠᠶᠢᠷᠢ ᠶᠢ ᠨᠡᠮᠡᠭᠳᠡᠭᠦᠯᠦᠨ᠎ᠡ᠃ ᠳᠥᠷᠪᠡ ᠳᠤ᠂ ᠠᠵᠢᠯ ᠣᠯᠭᠤᠯᠲᠠ ᠶᠢᠨ ᠦᠢᠯᠡᠴᠢᠯᠡᠭᠡ ᠪᠠ ᠦᠨᠳᠦᠰᠦᠨ ᠵᠦᠢᠯ ᠢ ᠪᠠᠲᠤᠯᠠᠬᠤ ᠪᠠᠲᠤᠯᠠᠭ᠎ᠠ ᠶᠢ ᠰᠠᠶᠢᠲᠤᠷ ᠬᠢᠬᠦ ᠬᠡᠷᠡᠭᠲᠡᠢ᠃ ᠶᠡᠭᠡ ᠳᠡᠭᠡᠳᠦ ᠰᠤᠷᠭᠠᠭᠤᠯᠢ ᠲᠡᠭᠦᠰᠦᠭᠰᠡᠳ ᠤᠨ ᠠᠵᠢᠯ ᠣᠯᠭᠤᠯᠲᠠ ᠶᠢᠨ ᠰᠦᠯᠵᠢᠶᠡᠨ ᠳᠡᠭᠡᠷ᠎ᠡ ᠭᠡᠷ᠎ᠡ ᠲᠣᠭᠲᠠᠬᠤ ᠰᠢᠰᠲ᠋ᠧᠮ ᠢ ᠪᠦᠷᠢᠨᠰᠢᠭᠦᠯᠵᠦ᠂ ᠪᠡᠶ᠎ᠡ ᠶᠢᠨ ᠪᠠᠶᠢᠴᠠᠭᠠᠯᠲᠠ ᠶᠢᠨ ᠦᠷ᠎ᠡ ᠳ᠋ᠦᠩ ᠢ ᠬᠠᠷᠢᠯᠴᠠᠨ ᠮᠡᠳᠡᠷᠡᠬᠦ ᠶᠢ ᠠᠬᠢᠭᠤᠯᠤᠨ᠎ᠠ᠃ ᠰᠤᠷᠭᠠᠭᠤᠯᠢ ᠠᠴᠠ ᠪᠠᠨ ᠬᠤᠶᠢᠰᠢᠯᠠᠨ ᠶᠠᠪᠤᠬᠤ ᠲᠡᠭᠦᠰᠬᠦ ᠰᠤᠷᠤᠭᠴᠢᠳ ᠤᠨ ᠨᠡᠷ᠎ᠡ ᠮᠡᠳᠡᠭᠦᠯᠵᠦ ᠠᠵᠢᠯ ᠳᠤ ᠣᠷᠣᠬᠤ᠂ ᠲᠠᠩᠰᠠ ᠡᠪᠬᠡᠮᠡᠯ ᠢ ᠳᠠᠮᠵᠢᠭᠤᠯᠤᠨ ᠬᠦᠷᠭᠡᠬᠦ᠂ ᠡᠷᠦᠬᠡ ᠠᠮᠠ ᠳᠤ ᠣᠷᠣᠭᠤᠯᠬᠤ ᠶᠢ ᠭᠦᠢᠴᠡᠳᠬᠡᠬᠦ ᠴᠠᠭ ᠤᠨ ᠬᠢᠵᠠᠭᠠᠷ ᠢ ᠤᠷᠲᠤᠳᠬᠠᠨ᠎ᠠ᠃ ᠲᠡᠭᠦᠰᠬᠦ ᠰᠤᠷᠤᠭᠴᠢᠳ ᠤᠨ ᠴᠢᠳᠠᠪᠤᠷᠢᠲᠠᠨ ᠤ ᠦᠢᠯᠡᠴᠢᠯᠡᠭᠡᠨ ᠤ ᠪᠠᠶᠢᠭᠤᠯᠤᠮᠵᠢ ᠳᠤ ᠣᠴᠢᠵᠤ ᠨᠡᠷ᠎ᠡ ᠮᠡᠳᠡᠭᠦᠯᠬᠦ ᠭᠠᠷᠳᠠᠮ ᠢ ᠬᠦᠴᠦᠨ ᠦᠭᠡᠢ ᠪᠣᠯᠭᠠᠵᠤ᠂ ᠰᠤᠷᠤᠯᠭ᠎ᠠ ᠶᠢᠨ ᠨᠠᠮᠲᠠᠷ ᠤᠨ ᠦᠨᠡᠮᠯᠡᠯ ᠂ ᠬᠥᠳᠡᠯᠮᠦᠷᠢ ᠶᠢᠨ ᠭᠡᠷ᠎ᠡ ᠵᠡᠷᠭᠡ ᠪᠠᠷ ᠰᠢᠭᠤᠳ ᠡᠷᠦᠬᠡ ᠠᠮᠠ ᠳᠤ ᠣᠷᠣᠭᠤᠯᠬᠤ ᠪᠣᠯᠭᠠᠨ᠎ᠠ᠃ ᠰᠤᠷᠤᠯᠭ᠎ᠠ ᠶᠢᠨ ᠲᠡᠳᠬᠦᠮᠵᠢ ᠶᠢᠨ ᠵᠢᠭᠡᠯᠡᠯᠭᠡ ᠶᠢᠨ ᠬᠤᠭᠤᠴᠠᠭ᠎ᠠ ᠶᠢ ᠬᠤᠶᠢᠰᠢᠯᠠᠭᠤᠯᠤᠨ ᠪᠤᠴᠠᠭᠠᠬᠤ᠂ ᠬᠦᠦ ᠮᠥᠩᠭᠦ ᠶᠢ ᠬᠠᠰᠤᠵᠤ ᠬᠡᠯᠲᠦᠷᠢᠭᠦᠯᠬᠦ ᠵᠡᠷᠭᠡ ᠳᠡᠮᠵᠢᠯᠭᠡ ᠶᠢᠨ ᠠᠷᠭ᠎ᠠ ᠬᠡᠮᠵᠢᠶ᠎ᠡ ᠶᠢ ᠰᠤᠳᠤᠯᠤᠨ᠎ᠠ᠃ ᠠᠵᠢᠯ ᠠᠯᠳᠠᠯᠲᠠ ᠶᠢᠨ ᠳᠠᠭᠠᠳᠬᠠᠯ ᠳᠤ ᠣᠷᠣᠭᠠᠳ ᠪᠦᠬᠦᠯᠢ ᠨᠢᠭᠡ ᠵᠢᠯ ᠪᠣᠯᠣᠭᠠᠳᠤᠢ ᠠᠵᠢᠯ ᠠᠯᠳᠠᠭᠰᠠᠨ ᠬᠥᠯᠥᠰᠦᠨ ᠠᠵᠢᠯᠴᠢᠨ ᠳᠤ ᠲᠦᠷ ᠴᠠᠭ ᠤᠨ ᠠᠮᠢᠳᠤᠷᠠᠯ ᠤᠨ ᠨᠥᠬᠦᠪᠦᠷᠢ ᠣᠯᠭᠤᠨ᠎ᠠ︔ ᡽ᠬᠢᠵᠢᠭ ᠤᠨ ᠪᠠᠶᠢᠳᠠᠯ ᠤᠨ ᠨᠥᠯᠥᠭᠡ ᠠᠴᠠ ᠪᠣᠯᠵᠤ ᠲᠦᠷ ᠴᠠᠭ ᠠᠵᠢᠯ ᠠᠯᠳᠠᠭᠰᠠᠨ᠂ ᠳᠠᠭᠠᠳᠬᠠᠯ ᠳᠤ ᠣᠷᠣᠯᠴᠠᠭᠰᠠᠨ ᠦᠭᠡᠢ ᠬᠦᠴᠢᠷᠳᠡᠯ ᠲᠠᠢ ᠬᠥᠮᠥᠰ ᠲᠤ ᠲᠦᠷ ᠴᠠᠭ ᠤᠨ ᠠᠪᠤᠷᠠᠨ ᠲᠤᠰᠠᠯᠠᠯᠲᠠ ᠣᠯᠭᠤᠨ᠎ᠠ᠃ ᠲᠠᠪᠤ ᠳᠤ᠂ ᠡᠯ᠎ᠡ ᠭᠠᠵᠠᠷ ᠤᠨ ᠠᠵᠢᠯ ᠣᠯᠭᠤᠯᠲᠠ ᠶᠢ ᠲᠣᠭᠲᠠᠪᠤᠷᠢᠵᠢᠭᠤᠯᠬᠤ ᠬᠠᠷᠢᠭᠤᠴᠠᠯᠭ᠎ᠠ ᠶᠢ ᠪᠣᠳᠠᠲᠠᠶᠢᠵᠢᠭᠤᠯᠵᠤ᠂ ᠵᠠᠰᠠᠭ ᠤᠨ ᠣᠷᠳᠣᠨ ᠤ ᠠᠵᠢᠯ ᠤᠨ ᠠᠮᠵᠢᠯᠲᠠ ᠪᠦᠲᠦᠮᠵᠢ ᠶᠢ ᠬᠢᠨᠠᠨ ᠰᠢᠯᠭᠠᠬᠤ ᠠᠭᠤᠯᠭ᠎ᠠ ᠪᠣᠯᠭᠠᠵᠤ᠂ ᠪᠦᠲᠦᠭᠡᠯᠴᠢ ᠪᠠᠷ ᠨᠠᠶᠢᠳᠠᠪᠤᠷᠢᠵᠢᠭᠤᠯᠵᠤ᠂ ᠪᠦᠬᠦ ᠵᠢᠯ ᠤᠨ ᠠᠵᠢᠯ ᠣᠯᠭᠤᠯᠲᠠ ᠶᠢᠨ ᠬᠠᠷᠠᠯᠲᠠ ᠶᠢ ᠪᠡᠶᠡᠯᠡᠭᠦᠯᠬᠦ ᠶᠢ ᠦᠨᠡᠨ ᠬᠦ ᠪᠠᠲᠤᠯᠠᠬᠤ ᠬᠡᠷᠡᠭᠲᠡᠢ ᠭᠡᠵᠡᠢ᠃      ᠬᠤᠷᠠᠯ ᠠᠴᠠ ᠵᠢᠭᠠᠬᠤ ᠳᠤ ᠪᠠᠨ᠂ ᠵᠠᠮ ᠬᠠᠷᠢᠯᠴᠠᠭ᠎ᠠ ᠡᠳ᠋ ᠪᠠᠷᠠᠭᠠᠨ ᠤ ᠭᠦᠢᠯᠭᠡᠭᠡ ᠪᠣᠯ ᠵᠠᠬ᠎ᠠ ᠳᠡᠯᠭᠡᠭᠦᠷ ᠤᠨ ᠠᠵᠤ ᠠᠬᠤᠢ ᠶᠢᠨ ᠠᠮᠢᠨ ᠰᠤᠳᠠᠰᠤ ᠮᠥᠨ᠂ ᠪᠠᠰᠠ ᠴᠦ ᠠᠷᠠᠳ ᠤᠨ ᠠᠮᠢᠳᠤᠷᠠᠯ ᠤᠨ ᠪᠠᠲᠤᠯᠠᠪᠤᠷᠢ ᠶᠢᠨ ᠴᠢᠬᠤᠯᠠ ᠲᠤᠯᠭᠠᠭᠤᠷᠢᠯᠠᠯ ᠮᠥᠨ᠃ ᠣᠶᠢᠷ᠎ᠠ ᠶᠢᠨ ᠬᠤᠭᠤᠴᠠᠭᠠᠨ ᠤ ᠬᠡᠰᠡᠭ ᠭᠠᠵᠠᠷ ᠣᠷᠣᠨ ᠤ ᠡᠳ᠋ ᠪᠠᠷᠠᠭᠠᠨ ᠤ ᠭᠦᠢᠯᠭᠡᠭᠡ ᠬᠠᠷᠰᠢᠯᠠᠭᠳᠠᠭᠰᠠᠨ ᠪᠠᠶᠢᠳᠠᠯ ᠳᠤ ᠴᠢᠭᠯᠡᠭᠦᠯᠦᠨ᠂ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠠᠵᠢᠯ ᠤᠨ ᠲᠣᠭᠲᠠᠴᠠ ᠶᠢ ᠪᠠᠶᠢᠭᠤᠯᠪᠠ᠃ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠ ᠪᠠᠷᠠᠭᠠᠨ ᠤ ᠭᠦᠢᠯᠭᠡᠭᠡ ᠶᠢ ᠰᠠᠭᠠᠳ ᠦᠭᠡᠢ ᠨᠡᠪᠲᠡᠷᠡᠭᠦᠯᠦᠨ ᠬᠠᠩᠭᠠᠯᠭ᠎ᠠ ᠶᠢ ᠪᠠᠲᠤᠯᠠᠬᠤ ᠶᠢ ᠨᠢᠭᠡᠳᠦᠯᠲᠡᠢ ᠲᠥᠯᠥᠪᠵᠢᠭᠦᠯᠵᠦ᠂ ᠰᠠᠯᠠᠭ᠎ᠠ ᠮᠥᠴᠢᠷ ᠤᠨ ᠬᠠᠮᠵᠢᠯᠴᠠᠭ᠎ᠠ ᠪᠠ ᠣᠷᠣᠨ ᠠᠯᠤᠰᠯᠠᠨ ᠬᠤᠯᠪᠣᠭᠠᠯᠠᠨ ᠬᠥᠳᠡᠯᠦᠯᠴᠡᠬᠦ ᠶᠢ ᠴᠢᠩᠭᠠᠳᠬᠠᠵᠤ᠂ ᠤᠯᠤᠰ ᠤᠨ ᠭᠠᠳᠠᠭᠠᠳᠤ ᠳᠣᠲᠣᠭᠠᠳᠤ ᠶᠢᠨ ᠪᠠᠷᠠᠭᠠᠨ ᠤ ᠭᠦᠢᠯᠭᠡᠭᠡ ᠶᠢ ᠰᠠᠭᠠᠳ ᠦᠭᠡᠢ ᠨᠡᠪᠲᠡᠷᠡᠭᠦᠯᠬᠦ ᠬᠡᠷᠡᠭᠲᠡᠢ᠃ ᠨᠢᠭᠡ ᠳᠤ᠂ ᠵᠠᠮ ᠬᠠᠷᠢᠯᠴᠠᠭᠠᠨ ᠤ ᠭᠤᠣᠯᠯᠠᠭᠴᠢ ᠲᠣᠣᠷ ᠰᠦᠯᠵᠢᠶ᠎ᠡ ᠶᠢᠨ ᠥᠨᠳᠥᠷ ᠪᠦᠲᠦᠮᠵᠢᠲᠡᠶ ᠠᠵᠢᠯᠯᠠᠭᠠᠨ ᠢ ᠪᠠᠲᠤᠯᠠᠬᠤ ᠬᠡᠷᠡᠭᠲᠡᠢ᠃ ᠥᠨᠳᠥᠷ ᠬᠤᠷᠳᠤᠴᠠᠲᠤ ᠵᠠᠰᠠᠮᠠᠯ ᠵᠠᠮ ᠤᠨ ᠰᠦᠢᠳᠬᠡᠯ ᠬᠤᠷᠢᠶᠠᠬᠤ ᠥᠷᠲᠡᠭᠡ᠂ ᠦᠢᠯᠡᠴᠢᠯᠡᠭᠡᠨ ᠤ ᠲᠣᠭᠤᠷᠢᠭ ᠢ ᠱᠠᠭᠠᠷᠳᠠᠵᠤ ᠨᠡᠭᠡᠭᠡᠬᠦ ᠶᠣᠰᠣᠲᠠᠢ ᠶᠢ ᠨᠢ ᠪᠦᠬᠦᠨ ᠢ ᠨᠡᠭᠡᠭᠡᠵᠦ᠂ ᠨᠢᠰᠬᠡᠯ ᠤᠨ ᠪᠠᠭᠤᠳᠠᠯ᠂ ᠭᠠᠷᠠᠮ ᠤᠨ ᠲᠥᠪᠯᠡᠷᠡᠭᠦᠯᠦᠨ ᠲᠠᠷᠬᠠᠭᠠᠵᠤ ᠲᠡᠭᠡᠭᠡᠪᠦᠷᠢᠯᠡᠬᠦ ᠶᠢ ᠨᠡᠪᠲᠡᠷᠡᠭᠦᠯᠵᠦ᠂ ᠲᠠᠪᠴᠠᠩ᠂ ᠲᠦᠷᠭᠡᠨ ᠬᠦᠷᠭᠡᠯᠲᠡ ᠵᠡᠷᠭᠡ ᠠᠵᠤ ᠠᠬᠤᠶᠢᠯᠠᠯ ᠤᠨ ᠲᠡᠭᠡᠭᠡᠪᠦᠷᠢ ᠶᠢᠨ ᠬᠦᠴᠦᠨ ᠢ ᠨᠡᠮᠡᠭᠳᠡᠭᠦᠯᠬᠦ ᠶᠢ ᠳᠡᠮᠵᠢᠨ᠎ᠡ᠃ ᠬᠤᠶᠠᠷ ᠲᠤ᠂ ᠪᠠᠷᠠᠭᠠᠨ ᠤ ᠭᠦᠢᠯᠭᠡᠭᠡᠨ ᠤ ᠪᠢᠴᠢᠯ ᠡᠷᠭᠢᠯᠲᠡ ᠶᠢ ᠨᠡᠪᠲᠡᠷᠡᠭᠦᠯᠬᠦ ᠬᠡᠷᠡᠭᠲᠡᠢ᠃ ᠬᠢᠵᠢᠭ ᠤᠨ ᠪᠠᠶᠢᠳᠠᠯ ᠠᠴᠠ ᠪᠣᠯᠵᠤ ᠬᠠᠭᠠᠵᠤ ᠵᠣᠭᠰᠣᠭᠠᠭᠰᠠᠨ ᠲᠦᠷᠭᠡᠨ ᠬᠦᠷᠭᠡᠯᠲᠡ ᠵᠡᠷᠭᠡ ᠲᠣᠣᠷ ᠴᠡᠭ ᠤᠨ ᠡᠮᠬᠢ ᠵᠢᠷᠤᠮ ᠲᠠᠢ ᠪᠠᠷ ᠡᠵᠡᠩᠨᠡᠯᠲᠡ ᠪᠠᠨ ᠰᠡᠷᠭᠦᠭᠡᠬᠦ ᠪᠠ ᠲᠦᠷᠭᠡᠨ ᠬᠦᠷᠭᠡᠭᠴᠢ ᠶᠢᠨ ᠠᠵᠢᠯ ᠤᠨ ᠪᠠᠶᠢᠷᠢ ᠳᠤ ᠪᠠᠨ ᠪᠤᠴᠠᠬᠤ ᠶᠢ ᠠᠬᠢᠭᠤᠯᠤᠨ᠎ᠠ᠃ ᠬᠥᠳᠡᠭᠡ ᠲᠣᠰᠬᠤᠨ ᠤ ᠵᠠᠰᠠᠮᠠᠯ ᠵᠠᠮ ᠤᠨ ᠰᠠᠭᠠᠳ ᠦᠭᠡᠢ ᠨᠡᠪᠲᠡᠷᠡᠬᠦ ᠪᠠ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠲᠠᠷᠢᠶᠠᠯᠠᠩ ᠤᠨ ᠪᠦᠲᠦᠭᠡᠭᠳᠡᠬᠦᠨ ᠤ ᠵᠥᠭᠡᠭᠡᠪᠦᠷᠢᠯᠡᠯᠲᠡ ᠶᠢ ᠪᠠᠲᠤᠯᠠᠨ᠎ᠠ᠃ ᠭᠤᠷᠪᠠ ᠳᠤ᠂ ᠭᠤᠣᠯᠳᠠᠯᠭ᠎ᠠ ᠲᠠᠢ ᠣᠷᠣᠨ ᠪᠦᠰᠡ᠂ ᠠᠵᠢᠯ ᠲᠦᠷᠦᠯ ᠪᠠ ᠠᠵᠤ ᠠᠬᠤᠶᠢᠯᠠᠯ ᠤᠨ ᠪᠠᠷᠠᠭᠠᠨ ᠤ ᠭᠦᠢᠯᠭᠡᠭᠡᠨ ᠤ ᠪᠠᠲᠤᠯᠠᠭ᠎ᠠ ᠶᠢ ᠴᠢᠩᠭᠠᠳᠬᠠᠬᠤ ᠬᠡᠷᠡᠭᠲᠡᠢ᠃ ᠪᠠᠴᠢᠮ ᠪᠠᠶᠢᠳᠠᠯ ᠢ ᠠᠷᠭᠠᠴᠠᠭᠠᠬᠤ ᠡᠳ᠋ ᠪᠠᠷᠠᠭ᠎ᠠ ᠶᠢᠨ ᠳᠠᠮᠵᠢᠭᠤᠯᠬᠤ ᠥᠷᠲᠡᠭᠡ ᠶᠢ ᠭᠦᠢᠴᠡᠳ ᠪᠡᠯᠡᠳᠬᠡᠨ ᠰᠠᠶᠢᠲᠤᠷ ᠬᠡᠷᠡᠭᠯᠡᠵᠦ᠂ ᠥᠯᠥ ᠬᠦᠷᠦᠯᠴᠡᠬᠦ ᠮᠠᠶ᠋ᠢᠭ ᠤᠨ ᠵᠠᠯᠭᠠᠯᠲᠠ ᠶᠢ ᠬᠡᠷᠡᠭᠵᠢᠭᠦᠯᠦᠨ᠂ ᠠᠷᠠᠳ ᠤᠨ ᠠᠮᠢᠳᠤᠷᠠᠯ ᠤᠨ ᠡᠳ᠋ ᠪᠠᠷᠠᠭ᠎ᠠ᠂ ᠠᠵᠤ ᠦᠢᠯᠡᠰ ᠤᠨ ᠬᠡᠯᠬᠢᠶ᠎ᠡ ᠪᠠ ᠬᠠᠩᠭᠠᠯᠭ᠎ᠠ ᠶᠢᠨ ᠬᠡᠯᠬᠢᠶ᠎ᠡ ᠶᠢᠨ ᠭᠤᠣᠯᠳᠠᠯᠭ᠎ᠠ ᠲᠠᠢ ᠠᠵᠤ ᠠᠬᠤᠶᠢᠯᠠᠯ ᠤᠨ ᠡᠳ᠋ ᠪᠠᠷᠠᠭ᠎ᠠ᠂ ᠭᠠᠳᠠᠭᠠᠳᠤ ᠠᠴᠠ ᠣᠷᠣᠭᠤᠯᠵᠤ ᠭᠠᠳᠠᠭᠠᠳᠤ ᠳᠤ ᠭᠠᠷᠭᠠᠬᠤ ᠦᠢᠯᠡᠳᠬᠦᠨ ᠵᠡᠷᠭᠡ ᠶᠢᠨ ᠲᠡᠭᠡᠭᠡᠪᠦᠷᠢ ᠶᠢ ᠪᠠᠲᠤᠯᠠᠨ᠎ᠠ᠃ ᠳᠥᠷᠪᠡ ᠳᠤ᠂ ᠪᠠᠷᠠᠭᠠᠨ ᠤ ᠲᠡᠭᠡᠭᠡᠪᠦᠷᠢ ᠶᠢᠨ ᠡᠵᠡᠩᠨᠡᠭᠴᠢ ᠶᠢ ᠬᠠᠪᠰᠤᠷᠤᠨ ᠲᠡᠳᠬᠦᠬᠦ ᠶᠢ ᠴᠢᠩᠭᠠᠳᠬᠠᠬᠤ ᠬᠡᠷᠡᠭᠲᠡᠢ᠃ 5 ᠳ᠋ᠤᠭᠠᠷ ᠰᠠᠷ᠎ᠠ ᠶᠢᠨ 1 ᠤ ᠡᠳᠦᠷ ᠠᠴᠠ ᠵᠢᠯ ᠤᠨ ᠡᠴᠦᠰ ᠪᠣᠯᠲᠠᠯ᠎ᠠ᠂ ᠨᠥᠬᠦᠴᠡᠯ ᠳᠤ ᠨᠡᠶᠢᠴᠡᠬᠦ ᠲᠦᠷᠭᠡᠨ ᠬᠦᠷᠭᠡᠯᠲᠡ ᠶᠢᠨ ᠬᠤᠷᠢᠶᠠᠨ ᠲᠣᠮᠢᠯᠠᠬᠤ ᠦᠢᠯᠡᠴᠢᠯᠡᠭᠡᠨ ᠤ ᠣᠷᠣᠯᠭ᠎ᠠ ᠠᠴᠠ ᠥᠷᠲᠡᠭ ᠨᠡᠮᠡᠭᠳᠡᠯ ᠤᠨ ᠭᠠᠶᠢᠯᠢ ᠲᠠᠲᠠᠪᠤᠷᠢᠯᠠᠬᠤ ᠦᠭᠡᠢ᠃ 1000 ᠳ᠋ᠦᠩᠰᠢᠭᠤᠷ ᠲᠥᠭᠦᠷᠢᠭ ᠤᠨ ᠳᠠᠬᠢᠨ ᠵᠢᠭᠡᠯᠡᠯᠭᠡ ᠲᠠᠯᠪᠢᠵᠤ ᠵᠠᠮ ᠬᠠᠷᠢᠯᠴᠠᠭ᠎ᠠ ᠲᠡᠭᠡᠭᠡᠪᠦᠷᠢ᠂ ᠪᠠᠷᠠᠭᠠᠨ ᠤ ᠭᠦᠢᠯᠭᠡᠭᠡᠨ ᠤ ᠬᠥᠮᠥᠷᠭᠡ ᠶᠢᠨ ᠦᠢᠯᠡᠰ ᠤᠨ ᠪᠡᠯᠡ ᠲᠣᠬᠢᠷᠠᠭᠤᠯᠭ᠎ᠠ ᠶᠢ ᠳᠡᠮᠵᠢᠨ᠎ᠡ᠃ ᠮᠠᠰᠢᠨ ᠲᠡᠷᠭᠡᠨ ᠤ ᠵᠢᠭᠡᠯᠡᠯᠭᠡ ᠶᠢ ᠬᠤᠶᠢᠰᠢᠯᠠᠭᠤᠯᠤᠨ ᠵᠢᠭᠡᠯᠡᠯᠭᠡ ᠪᠤᠴᠠᠭᠠᠬᠤ ᠶᠢ ᠵᠦᠢ ᠵᠣᠬᠢᠰᠲᠠᠢ ᠳᠡᠮᠵᠢᠨ᠎ᠡ᠃ ᠲᠠᠪᠤ ᠳᠤ᠂ ᠲᠡᠷᠭᠡ ᠬᠥᠰᠬᠡ ᠶᠢᠨ ᠨᠡᠪᠲᠡᠷᠡᠬᠦ ᠦᠨᠡᠮᠯᠡᠯ ᠢ ᠣᠯᠭᠤᠪᠠᠰᠤ ᠵᠣᠬᠢᠬᠤ ᠶᠢ ᠨᠢ ᠪᠦᠬᠦᠨ ᠢ ᠣᠯᠭᠤᠵᠤ᠂ ᠲᠦᠷᠭᠡᠨ ᠭᠤᠶᠤᠴᠢᠯᠠᠨ ᠲᠦᠷᠭᠡᠨ ᠭᠦᠢᠴᠡᠳᠬᠡᠬᠦ᠂ ᠪᠥᠬᠦ ᠤᠯᠤᠰ ᠢᠶᠠᠷ ᠢᠶᠠᠨ ᠬᠠᠷᠢᠯᠴᠠᠨ ᠮᠡᠳᠡᠷᠡᠬᠦ ᠶᠢ ᠦᠨᠡᠨ ᠬᠦ ᠪᠠᠲᠤᠯᠠᠬᠤ ᠬᠡᠷᠡᠭᠲᠡᠢ᠃ ᠠᠴᠢᠶᠠᠨ ᠤ ᠮᠠᠰᠢᠨ ᠤ ᠵᠢᠯᠣᠭᠤᠴᠢ ᠶᠢᠨ ᠲᠡᠭᠡᠭᠡᠪᠦᠷᠢᠯᠡᠬᠦ ᠶᠠᠪᠤᠴᠠ ᠳᠤ ᠰᠦᠢᠳᠬᠡᠯ ᠬᠤᠷᠢᠶᠠᠬᠤ ᠦᠭᠡᠢ ᠪᠠᠷ ᠪᠥᠭᠡᠮ ᠬᠦᠴᠢᠯ ᠤᠨ ᠪᠠᠶᠢᠴᠠᠭᠠᠯᠲᠠ ᠪᠠ ᠠᠨᠲ᠋ᠢᠭ᠍ᠸᠡ ᠤ ᠪᠠᠶᠢᠴᠠᠭᠠᠯᠲᠠ ᠬᠢᠬᠦ ᠶᠢ ᠳᠡᠯᠭᠡᠷᠡᠭᠦᠯᠦᠨ᠎ᠡ᠃      ᠬᠤᠷᠠᠯ ᠠᠴᠠ ᠪᠤᠰᠤᠳ ᠵᠦᠢᠯ ᠢ ᠰᠤᠳᠤᠯᠪᠠ᠃ 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ