ᠨᠠᠷᠠᠨ ᠬᠤᠸᠠᠷ ᠢᠶᠠᠷ ᠪᠤᠷᠳᠤᠭ᠎ᠠ ᠬᠢᠵᠤ ᠮᠠᠯ ᠲᠠᠵᠢᠭᠡᠪᠠᠯ ᠲᠠᠷᠭᠤ ᠨᠠᠮᠡᠭᠳᠠᠨ᠎ᠠ
ᠨᠡᠶᠢᠲᠡᠯᠡᠭᠰᠡᠨ ᠴᠠᠭ᠄
2022/6/22
                                          ᠨᠠᠷᠠᠨ ᠬᠤᠸᠠᠷ ᠤᠨ ᠦᠷ᠎ᠠ ᠶᠢ ᠨᠢ ᠠᠪᠤᠭᠰᠠᠨ ᠴᠡᠴᠡᠭ ᠤᠨ ᠰᠠᠭᠤᠳᠠᠯ ᠨᠢ ᠳᠦᠢᠯ ᠤᠨ ᠰᠠᠶᠢᠨ ᠮᠠᠯ ᠲᠠᠵᠢᠭᠡᠪᠤᠷᠢ ᠶᠢᠨ ᠲᠠᠵᠢᠭᠡᠯ ᠪᠤᠷᠳᠤᠭ᠎ᠠ ᠪᠤᠯᠳᠠᠭ᠃ ᠨᠠᠷᠠᠨ ᠬᠤᠸᠠᠷ ᠤᠨ ᠴᠡᠴᠡᠭ ᠤᠨ ᠰᠠᠭᠤᠳᠠᠯ ᠳᠤ ᠪᠦᠳᠤᠭᠦᠯᠢᠭ ᠤᠭᠤᠷᠠᠭ ᠤᠨ ᠠᠭᠤᠯᠤᠭᠳᠠᠴᠠ 7% ~ 9%᠂ ᠪᠦᠳᠤᠭᠦᠯᠢᠭ ᠦᠭᠡᠭᠦ 6.5% ~ 10.5%᠂ ᠪᠦᠳᠤᠭᠦᠯᠢᠭ ᠰᠢᠷᠭᠡᠭᠯᠢᠭ 17.7%᠂ ᠠᠽᠤᠲ ᠦᠭᠡᠢ ᠨᠠᠪᠴᠢᠮᠡᠭᠡᠢ ᠪᠤᠳᠠᠰ 43.9%᠂ ᠵᠢᠮᠢᠰ ᠤᠨ ᠴᠠᠪᠠᠤ 2.4% ~ 3%᠂ ᠡᠭᠦᠨ ᠳᠤ ᠪᠦᠳᠤᠭᠦᠯᠢᠭ ᠤᠭᠤᠷᠠᠭ ᠭᠢᠭᠡᠳ ᠠᠽᠤᠲ ᠦᠭᠡᠢ ᠨᠠᠪᠴᠢᠮᠡᠭᠡᠢ ᠪᠤᠳᠠᠰ ᠤᠨ ᠠᠭᠤᠯᠤᠭᠳᠠᠴᠠ ᠨᠢ ᠠᠮᠤ ᠪᠤᠳᠠᠭ᠎ᠠ ᠳᠠᠬᠢ ᠠᠭᠤᠯᠤᠭᠳᠠᠴᠠ ᠲᠠᠢ ᠪᠠᠶᠢᠳᠠᠭ᠃ ᠨᠠᠷᠠᠨ ᠬᠤᠸᠠᠷ ᠤᠨ ᠴᠡᠴᠡᠭ ᠤᠨ ᠰᠠᠭᠤᠳᠠᠯ ᠢᠶᠠᠷ ᠭᠢᠭᠰᠡᠨ ᠲᠠᠯᠬ᠎ᠠ ᠪᠤᠷᠳᠤᠭ᠎ᠠ ᠶᠢᠨ ᠵᠠᠭᠤᠨ ᠺᠢᠯᠦᠭᠷᠠᠮ ᠪᠦᠷᠢ ᠶᠢᠨ ᠰᠢᠮ᠎ᠠ ᠲᠠᠵᠢᠭᠡᠯ ᠤᠨ ᠤᠢᠷᠳᠡᠭ ᠨᠢ 60 ~ 66 ᠺᠢᠯᠦᠭᠷᠠᠮ ᠡᠷᠳᠡᠨᠢ ᠰᠢᠰᠢ ᠪᠤᠶᠤ 70 ~ 80 ᠺᠢᠯᠦᠭᠷᠠᠮ ᠠᠷᠪᠠᠢ ᠵᠡᠷᠭᠡ ᠨᠠᠷᠢᠯᠢᠬ ᠪᠤᠷᠳᠤᠭ᠎ᠠ ᠶᠢᠨ ᠰᠢᠮ᠎ᠠ ᠲᠠᠵᠢᠭᠡᠯ ᠤᠨ ᠦᠷᠳᠡᠭ ᠲᠠᠢ ᠠᠳᠠᠯᠢᠬᠠᠨ᠃ ᠨᠠᠷᠠᠨ ᠬᠤᠸᠠᠷ ᠤᠨ ᠴᠡᠴᠡᠭ ᠤᠨ ᠰᠠᠭᠤᠳᠠᠯ ᠢ ᠪᠠᠰᠠ ᠨᠤᠭᠤᠭᠠᠨ ᠢᠶᠠᠷ ᠲᠠᠷᠤᠰᠢᠭᠤᠯᠵᠤ ᠪᠤᠯᠤᠨ᠎ᠠ᠂ ᠨᠤᠭᠤᠭᠠᠨ ᠢᠶᠠᠷ ᠲᠠᠷᠤᠰᠢᠭᠤᠯᠤᠭᠰᠠᠨ ᠨᠠᠷᠠᠨ ᠬᠤᠸᠠᠷ ᠤᠨ ᠴᠡᠴᠡᠭ ᠤᠨ ᠰᠠᠭᠤᠳᠠᠯ ᠨᠢ ᠳᠦᠢᠯ ᠤᠨ ᠰᠠᠶᠢᠬᠠᠨ ᠦᠨᠤᠷ ᠲᠠᠢ᠂ ᠮᠠᠯ ᠲᠠᠵᠢᠭᠡᠪᠤᠷᠢ ᠳᠤᠩ ᠢᠳᠡᠭᠦ ᠳᠤᠷᠠᠳᠠᠢ ᠪᠠᠶᠢᠳᠠᠭ᠃ ᠨᠠᠷᠠᠨ ᠬᠤᠸᠠᠷ ᠤᠨ ᠴᠡᠴᠡᠭ ᠤᠨ ᠰᠠᠭᠤᠳᠠᠯ ᠳᠤ ᠶᠡᠭᠡ ᠭᠡᠮᠵᠢᠶᠠᠨ ᠤ ᠺᠠᠯᠼᠠᠯᠢᠬ ᠪᠤᠳᠠᠰ ᠪᠤᠯᠤᠨ ᠨᠠᠯᠢᠶᠠᠳ ᠠᠷᠪᠢᠨ ᠵᠢᠮᠢᠰ ᠤᠨ ᠰᠢᠭᠢᠷ ᠠᠭᠤᠯᠤᠭᠳᠠᠬᠤ ᠪᠤᠯᠬᠤᠷ᠂ ᠳᠦᠯ ᠮᠠᠯ ᠪᠤᠯᠤᠨ ᠭᠡᠭᠡᠯ ᠲᠠᠢ ᠡᠬᠡ ᠮᠠᠯ ᠢ ᠲᠠᠵᠢᠭᠡᠭᠦ ᠳᠤ ᠶᠡᠭᠡ ᠳᠤᠭᠢᠷᠠᠮᠵᠢᠳᠠᠢ᠃ ᠭᠡᠷᠪᠡ ᠨᠠᠷᠠᠨ ᠬᠤᠸᠠᠷ ᠤᠨ ᠴᠡᠴᠡᠭ ᠤᠨ ᠰᠠᠭᠤᠳᠠᠯ ᠢᠶᠠᠷ ᠭᠠᠭ᠋ᠠᠢ ᠲᠠᠵᠢᠭᠡᠪᠠᠯ ᠭᠠᠭ᠋ᠠᠢ ᠲᠠᠷᠭᠤᠯᠠᠬᠤ ᠨᠢ ᠬᠤᠷᠳᠤᠨ ᠪᠦᠭᠡᠳ ᠪᠤᠷᠳᠤᠭᠠᠨ ᠠᠮᠤ ᠶᠢ ᠠᠷᠪᠢᠯᠠᠨ᠂ ᠭᠠᠭ᠋ᠠᠢ ᠲᠠᠵᠢᠭᠡᠭᠦ ᠦᠪᠠᠷ ᠤᠨ ᠦᠷᠳᠡᠭ ᠢ ᠪᠠᠭᠠᠰᠬᠠᠵᠤ ᠠᠰᠢᠭ ᠨᠢ ᠶᠡᠭᠡ ᠪᠠᠶᠢᠳᠠᠭ᠃     
ᠢᠷᠡᠯᠲᠡ᠄ ᠪᠠᠶᠠᠨᠨᠠᠭᠤᠷ ᠤᠨ ᠡᠳᠦᠷ ᠤᠨ ᠰᠣᠨᠢᠨ