| | ᠭᠠᠷ ᠭᠡᠭᠡᠯᠳᠤᠬᠦᠯᠭᠡ ᠪᠤᠯ ᠤᠳᠤᠬᠠᠨ ᠤ ᠮᠠᠯ ᠭᠡᠭᠡᠯᠳᠤᠬᠦᠯᠭᠡ ᠶᠢᠨ ᠳᠠᠪᠰᠢᠩᠭᠤᠢ ᠮᠡᠷᠭᠡᠵᠢᠯ ᠮᠦᠨ᠃ ᠡᠨᠡ ᠨᠢ ᠬᠦᠮᠦᠨ ᠤ ᠬᠦᠴᠦ ᠪᠠᠷ ᠭᠡᠭᠡᠯᠳᠤᠬᠦᠯᠦᠭᠴᠢ | ᠮᠠᠯ ᠤᠨ ᠦᠷ᠎ᠠ ᠶᠢᠨ ᠰᠢᠩᠭᠡᠨ ᠢ ᠭᠠᠷᠭᠠᠨ ᠠᠪᠤᠬᠰᠠᠨ ᠤ ᠰᠡᠬᠦᠯᠡᠷ᠂ ᠳᠤᠬᠳᠠᠬᠰᠠᠨ ᠭᠡᠮᠵᠢᠶᠡᠨ ᠤ ᠦᠷ᠎ᠠ ᠶᠢᠨ ᠰᠢᠩᠭᠡᠨ ᠢ ᠮᠧᠬᠠᠨᠢᠬ ᠪᠠᠭᠠᠵᠢ ᠪᠠᠷ ᠭᠡᠭᠡᠯᠳᠦᠭᠴᠢ | ᠮᠠᠯ ᠤᠨ ᠦᠷᠡᠵᠢᠯ ᠤᠨ ᠵᠠᠮ ᠳᠤ ᠳᠠᠮᠵᠢᠭᠤᠯᠤᠨ ᠦᠷ᠎ᠠ ᠳᠤᠬᠳᠠᠭᠠᠨ ᠲᠦᠯᠯᠡᠬᠦᠯᠳᠡᠭ᠃ ᠳᠡᠬᠦᠨ ᠤ ᠳᠠᠪᠠᠭᠤᠯᠢᠬ ᠳᠠᠯ᠎ᠠ ᠨᠢ ᠳᠤᠤᠷᠠᠬᠢ ᠮᠡᠳᠦ ᠪᠠᠶᠢᠨ᠎ᠠ᠃ | 1. ᠦᠷ᠎ᠡ ᠶᠢᠨ ᠮᠠᠯ ᠤᠨ ᠠᠰᠢᠬᠯᠠᠮᠵᠢ ᠶᠢ ᠨᠡᠮᠡᠭᠳᠡᠬᠦᠯᠳᠡᠭ᠃ ᠡᠩ ᠤᠨ ᠭᠡᠭᠡᠯᠳᠤᠬᠦᠯᠭᠡ ᠶᠢᠨ ᠪᠠᠶᠢᠳᠡᠯ ᠳᠤᠤᠷ᠎ᠠ ᠨᠢᠭᠡ ᠦᠷ᠎ᠡ ᠶᠢᠨ ᠮᠠᠯ ᠭᠡᠳᠤᠨ ᠠᠷᠪᠠᠨ | ᠭᠡᠭᠡᠯᠳᠦᠭᠴᠢ ᠮᠠᠯ ᠢ ᠭᠡᠭᠡᠯᠳᠤᠬᠦᠯᠳᠡᠭ᠃ ᠭᠡᠳᠡᠯ᠎ᠠ ᠭᠠᠷ ᠭᠡᠭᠡᠯᠳᠤᠬᠦᠯᠭᠡ ᠬᠢᠪᠡᠯ ᠨᠢᠭᠡ ᠦᠷ᠎ᠡ ᠶᠢᠨ ᠮᠠᠯ ᠤᠨ ᠦᠷ᠎ᠠ ᠶᠢᠨ ᠰᠢᠩᠭᠡᠨ ᠢᠶᠠᠷ ᠭᠡᠳᠤᠨ ᠲᠦᠮᠡᠨ ᠭᠡᠭᠡᠯᠳᠦᠭᠴᠢ | ᠮᠠᠯ ᠢ ᠭᠡᠭᠡᠯᠳᠤᠬᠦᠯᠵᠦ ᠪᠤᠯᠤᠨ᠎ᠠ᠃ | 2. ᠦᠷ᠎ᠡ ᠶᠢᠨ ᠮᠠᠯ ᠤᠨ ᠠᠰᠢᠬᠯᠠᠯᠳᠠ ᠶᠢ ᠰᠠᠶᠢᠵᠢᠷᠠᠭᠤᠯᠤᠬᠰᠠᠨ ᠢᠶᠠᠷ ᠭᠡᠭᠡᠯᠳᠦᠬᠦᠯᠭᠡ ᠳᠤ ᠭᠡᠷᠡᠭᠯᠡᠬᠦ ᠦᠷ᠎ᠡ ᠶᠢᠨ ᠮᠠᠯ ᠤᠨ ᠳᠤᠭ᠎ᠠ ᠨᠢ ᠬᠠᠷᠢᠴᠠᠩᠭᠤᠢ ᠪᠠᠷ | ᠴᠦᠭᠡᠷᠡᠵᠦ᠂ ᠬᠠᠮᠤᠬ ᠤᠨ ᠰᠢᠯᠢᠳᠡᠭ ᠦᠷ᠎ᠡ ᠶᠢᠨ ᠮᠠᠯ ᠢ ᠰᠤᠩᠭᠤᠨ ᠭᠡᠷᠡᠭᠯᠡᠬᠦ ᠳᠤ ᠪᠤᠯᠤᠯᠴᠠᠭ᠎ᠠ ᠲᠠᠢ ᠪᠤᠯᠭᠠᠳᠠᠬ᠃ ᠡᠨᠡ ᠨᠢ ᠬᠠᠮᠤᠬ ᠤᠨ ᠰᠢᠯᠢᠳᠡᠭ ᠦᠷ᠎ᠠ ᠶᠢᠨ | ᠮᠠᠯ ᠤᠨ ᠬᠤᠶᠢᠴᠢ ᠦᠶ᠎ᠠ ᠶᠢ ᠲᠦᠷᠭᠡᠨ ᠦᠷᠡᠵᠢᠬᠦᠯᠬᠦ ᠪᠦᠳᠤᠮᠵᠢᠳᠠᠢ ᠠᠷᠭ᠎ᠠ ᠪᠤᠯᠤᠬᠰᠠᠨ ᠪᠦᠭᠡᠳ ᠡᠬᠦᠯᠳᠡᠷ ᠰᠠᠶᠢᠵᠢᠷᠠᠭᠤᠯᠬᠤ ᠠᠵᠢᠯ ᠤᠨ ᠬᠦᠴᠦᠳᠠᠢ ᠠᠷᠭ᠎ᠠ | ᠭᠡᠮᠵᠢᠶ᠎ᠠ ᠪᠤᠯᠤᠨ᠎ᠠ᠃ | 3. ᠭᠡᠭᠡᠯᠳᠤᠬᠦᠯᠭᠡ ᠳᠤ ᠭᠡᠷᠡᠭᠯᠡᠬᠦ ᠦᠷ᠎ᠡ ᠶᠢᠨ ᠮᠠᠯ ᠤᠨ ᠳᠤᠭ᠎ᠠ ᠨᠢ ᠬᠠᠷᠢᠴᠠᠩᠭᠤᠢ ᠴᠦᠭᠡᠷᠡᠭᠰᠡᠨ ᠳᠤᠯᠠ ᠦᠷ᠎ᠡ ᠶᠢᠨ ᠮᠠᠯ ᠢ ᠠᠷᠠᠴᠢᠯᠡᠨ ᠳᠡᠵᠢᠭᠡᠬᠦ ᠡᠪᠡᠰᠦ | ᠪᠤᠷᠳᠤᠭ᠎ᠠ᠂ ᠬᠦᠮᠦᠨ ᠤ ᠬᠦᠴᠦ ᠪᠠ ᠡᠳ᠋ ᠪᠤᠳᠠᠰ ᠤᠨ ᠵᠠᠷᠤᠳᠠᠯ ᠢ ᠶᠡᠭᠡᠪᠡᠷ ᠪᠠᠭᠠᠰᠬᠠᠵᠦ ᠴᠢᠳᠠᠨ᠎ᠠ᠃ | 4. ᠭᠠᠷ ᠭᠡᠭᠡᠯᠳᠤᠬᠦᠯᠭᠡ ᠨᠢ ᠨᠠᠷᠢᠨ ᠨᠢᠮᠪᠠᠢ ᠠᠵᠢᠯᠯᠠᠬᠤ ᠲᠦᠷᠢᠮ ᠪᠠ ᠠᠷᠢᠭᠤᠳᠬᠠᠬᠤ ᠲᠦᠷᠢᠮ ᠢ ᠭᠡᠷᠡᠭᠵᠢᠬᠦᠯᠳᠡᠭ ᠤᠴᠢᠷ ᠠᠴᠠ ᠡᠷᠡᠬᠦᠯ ᠦᠷ᠎ᠡ ᠶᠢᠨ ᠮᠠᠯ ᠢ | ᠭᠡᠷᠡᠭᠯᠡᠳᠡᠭ ᠯᠠ ᠶᠤᠮ ᠪᠤᠯ ᠮᠠᠰᠢ ᠤᠯᠠᠨ ᠡᠪᠡᠳᠴᠢᠨ ᠭᠡᠮ ᠢ ᠰᠡᠷᠭᠡᠶᠢᠯᠡᠵᠦ ᠴᠢᠳᠠᠨ᠎ᠠ᠃ ᠤᠨᠴᠠᠭᠠᠢᠢᠯᠠᠨ ᠦᠷᠡᠵᠢᠯ ᠤᠨ ᠵᠠᠮ ᠤᠨ ᠬᠠᠯᠳᠠᠪᠤᠷᠢᠳᠦ ᠡᠪᠡᠳᠴᠢᠨ ᠢ | ᠰᠡᠷᠭᠡᠶᠢᠯᠡᠵᠦ ᠴᠢᠳᠡᠳᠠᠬ᠃ | 5. ᠭᠠᠷ ᠭᠡᠭᠡᠯᠳᠤᠬᠦᠯᠭᠡ ᠨᠢ ᠪᠦᠷᠢᠨ ᠪᠦᠳᠦᠨ ᠳᠡᠮᠳᠡᠭᠯᠡᠯ ᠲᠠᠢ ᠤᠴᠢᠷ ᠠᠴᠠ ᠭᠡᠭᠡᠯᠳᠤᠬᠦ ᠦᠭᠡᠢ ᠮᠠᠯ ᠢ ᠳᠠᠶᠠᠬᠳᠠᠵᠦ᠂ ᠭᠡᠭᠡᠯ ᠳᠤᠬᠳᠠᠬᠤ ᠨᠤᠷᠮ᠎ᠠ ᠶᠢ | ᠳᠡᠭᠡᠭᠰᠢᠯᠡᠬᠦᠯᠬᠦ ᠳᠤ ᠠᠰᠢᠬᠳᠠᠢ᠃ ᠪᠠᠰᠠ ᠤᠳᠤᠮ ᠤᠬᠰᠠᠭ᠎ᠠ ᠨᠢ ᠳᠤᠳᠤᠷᠬᠠᠢ ᠪᠤᠯᠬᠤᠷ ᠡᠬᠦᠯᠳᠡᠷ ᠪᠤᠶᠢᠵᠢᠭᠤᠯᠬᠤ ᠠᠵᠢᠯ ᠢ ᠰᠢᠰᠲ᠋ᠧᠮ ᠲᠠᠢ ᠬᠢᠬᠦ ᠳᠤ ᠠᠰᠢᠬ ᠲᠠᠢ | ᠪᠠᠶᠢᠳᠠᠬ᠃ | 6. ᠦᠷ᠎ᠠ ᠶᠢ ᠢᠴᠡᠭᠡᠯᠡᠬᠦᠯᠤᠨ ᠬᠠᠳᠠᠭᠠᠯᠠᠵᠦ ᠪᠤᠯᠬᠤ ᠤᠴᠢᠷ ᠠᠴᠠ ᠮᠠᠯ ᠭᠡᠭᠡᠯᠳᠤᠬᠦᠯᠭᠡ ᠶᠢᠨ ᠠᠵᠢᠯ ᠨᠢ ᠭᠠᠵᠠᠷ ᠤᠷᠤᠨ ᠳᠤ ᠬᠢᠵᠠᠭᠠᠷᠯᠠᠬᠳᠠᠬᠤ ᠦᠭᠡᠢ | ᠪᠦᠭᠡᠳ ᠦᠷ᠎ᠡ ᠶᠢᠨ ᠮᠠᠯ ᠬᠦᠷᠦᠯᠴᠡᠬᠦ ᠦᠭᠡᠢ ᠠᠰᠠᠭᠤᠳᠠᠯ ᠢ ᠰᠢᠢᠳᠪᠦᠷᠢᠯᠡᠵᠦ ᠪᠤᠯᠤᠨ᠎ᠠ᠃ | 7. ᠢᠴᠡᠭᠡᠯ ᠦᠷ᠎ᠠ ᠤᠷᠤᠭᠤᠯᠬᠤ ᠠᠷᠭ᠎ᠠ ᠪᠠᠷ ᠭᠠᠳᠠᠭᠠᠳᠦ ᠤᠯᠤᠰ ᠪᠠ ᠪᠤᠰᠤᠳ ᠭᠠᠵᠠᠷ ᠤᠷᠤᠨ ᠠᠴᠠ ᠰᠠᠶᠢᠨ ᠡᠬᠦᠯᠳᠡᠷ ᠤᠨ ᠦᠷ᠎ᠡ ᠶᠢᠨ ᠮᠠᠯ ᠤᠷᠤᠭᠤᠯᠬᠤ | ᠠᠵᠢᠯ ᠢ ᠤᠷᠤᠯᠠᠭᠤᠯᠵᠦ ᠪᠤᠯᠤᠨ᠎ᠠ᠃ | 8. ᠦᠷ᠎ᠡ ᠶᠢᠨ ᠮᠠᠯ ᠪᠠ ᠭᠡᠭᠡᠯᠳᠦᠭᠴᠢ ᠮᠠᠯ ᠤᠨ ᠪᠡᠶ᠎ᠠ ᠶᠢᠨ ᠶᠡᠭᠡ ᠪᠠᠭ᠎ᠠ ᠶᠢᠨ ᠵᠦᠷᠢᠶ᠎ᠠ ᠪᠠ ᠦᠷᠡᠵᠢᠯ ᠤᠨ ᠵᠠᠮ ᠤᠨ ᠭᠡᠪ ᠤᠨ ᠪᠤᠰᠦ ᠠᠴᠠ ᠪᠤᠯᠵᠦ ᠭᠡᠭᠡᠯᠳᠤᠬᠦ | ᠤᠴᠢᠷ ᠶᠠᠪᠤᠳᠠᠯ ᠭᠠᠷᠬᠤ ᠶᠢ ᠰᠡᠷᠭᠡᠶᠢᠯᠡᠵᠦ ᠴᠢᠳᠠᠨ᠎ᠠ᠃ | 9. ᠠᠳᠠᠯᠢ ᠪᠤᠰᠦ ᠰᠢᠯᠢᠳᠡᠭ ᠦᠷ᠎ᠡ ᠶᠢᠨ ᠮᠠᠯ ᠤᠨ ᠦᠷ᠎ᠠ ᠶᠢ ᠲᠦᠯᠦᠪᠯᠡᠭᠡ ᠲᠠᠢ ᠪᠠᠷ ᠡᠭᠡᠯᠵᠢᠯᠡᠨ ᠭᠡᠷᠡᠭᠯᠡᠵᠦ ᠪᠤᠯᠬᠤ ᠳᠤᠯᠠ ᠤᠢᠢᠷ᠎ᠠ ᠲᠦᠷᠦᠯ ᠤᠨ | ᠭᠡᠭᠡᠯᠳᠤᠬᠦᠯᠭᠡ ᠠᠴᠠ ᠪᠤᠯᠬᠤ ᠤᠳᠤᠮᠯᠠᠯ ᠤᠨ ᠳᠤᠷᠦ᠋ᠢᠳᠠᠯ ᠢ ᠰᠡᠷᠭᠡᠶᠢᠯᠡᠵᠦ ᠴᠢᠳᠠᠨ᠎ᠠ᠃ | 10. ᠪᠡᠶᠡᠳᠡᠬᠦᠯᠵᠦ ᠭᠡᠭᠡᠯᠳᠤᠬᠦᠯᠬᠦ ᠠᠴᠠ ᠪᠤᠯᠳᠠᠬ ᠭᠡᠮᠳᠤᠯ ᠬᠤᠪᠢᠷᠠᠯ ᠢ ᠰᠡᠷᠭᠡᠶᠢᠯᠡᠵᠦ ᠴᠢᠳᠠᠨ᠎ᠠ᠃ ᠭᠠᠷ ᠭᠡᠭᠡᠯᠳᠤᠬᠦᠯᠭᠡ ᠨᠢ ᠮᠠᠯ ᠠᠵᠦ ᠠᠬᠤᠢ ᠶᠢᠨ | ᠦᠢᠯᠡᠳᠪᠦᠷᠢᠯᠡᠯ ᠪᠠ ᠰᠢᠨᠵᠢᠯᠡᠬᠦ ᠤᠬᠠᠭᠠᠨ ᠰᠤᠳᠤᠯᠭᠠᠨ ᠤ ᠠᠬᠢᠴᠠ ᠶᠢ ᠲᠦᠷᠭᠡᠳᠭᠡᠨ᠂ ᠮᠠᠯ ᠤᠨ ᠶᠠᠰᠦ ᠴᠢᠨᠠᠷ ᠢ ᠰᠠᠶᠢᠵᠢᠷᠠᠭᠤᠯᠬᠤ ᠪᠠ ᠮᠠᠯ ᠤᠨ ᠳᠤᠭ᠎ᠠ ᠶᠢ | ᠨᠡᠮᠡᠭᠳᠡᠬᠦᠯᠬᠦ ᠳᠤ ᠳᠤᠳᠠᠬᠳᠠᠵᠦ ᠪᠤᠯᠤᠰᠢ ᠦᠭᠡᠢ ᠮᠡᠷᠭᠡᠵᠢᠯ ᠤᠨ ᠠᠷᠭ᠎ᠠ ᠪᠠᠷᠢᠯ ᠪᠤᠯᠬᠤ ᠪᠦᠭᠡᠳ ᠬᠦᠳᠡᠭᠡ ᠳᠤᠰᠬᠤᠨ ᠮᠠᠯᠵᠢᠬᠤ ᠤᠷᠤᠨ ᠳᠤ ᠡᠷᠭᠡᠪᠰᠢ | ᠲᠦᠭᠡᠮᠡᠯᠵᠢᠬᠦᠯᠬᠦ ᠮᠡᠷᠭᠡᠵᠢᠯ ᠪᠤᠯᠬᠤ ᠶᠤᠮ᠃ | ᠭᠠᠷ ᠭᠡᠭᠡᠯᠳᠤᠬᠦᠯᠭᠡ ᠶᠢ ᠰᠠᠶᠢᠨ ᠬᠢᠬᠦ ᠳᠤ ᠦᠷ᠎ᠡ ᠶᠢᠨ ᠮᠠᠯ ᠠᠴᠠ ᠦᠷ᠎ᠠ ᠠᠪᠬᠤ᠂ ᠦᠷ᠎ᠠ ᠶᠢᠨ ᠰᠢᠩᠭᠡᠨ ᠢ ᠪᠠᠶᠢᠴᠠᠭᠠᠬᠤ᠂ ᠰᠢᠩᠭᠡᠷᠡᠬᠦᠯᠬᠦ ᠪᠠ ᠬᠠᠳᠠᠭᠠᠯᠠᠬᠤ᠂ | ᠦᠷ᠎ᠠ ᠳᠠᠮᠵᠢᠭᠤᠯᠬᠤ᠂ ᠭᠡᠭᠡᠯᠳᠦᠭᠴᠢ ᠮᠠᠯ ᠤᠨ ᠤᠷᠤᠭ᠎ᠠ ᠶᠢ ᠳᠤᠳᠤᠯᠠᠬᠤ ᠪᠠ ᠭᠡᠭᠡᠯ ᠢ ᠳᠤᠳᠤᠯᠠᠬᠤ ᠵᠡᠷᠭᠡ ᠮᠡᠷᠭᠡᠵᠢᠯ ᠤᠨ ᠶᠠᠪᠤᠴᠠ ᠶᠢ ᠬᠦᠢᠴᠡᠳᠭᠡᠬᠦ ᠭᠡᠷᠡᠭᠳᠠᠢ᠃ | | |