ᠵᠢᠮᠢᠰ ᠤᠨ ᠮᠤᠳᠤᠨ ᠤ ᠲᠠᠷᠢᠶᠠᠨ ᠡᠮ ᠤᠨ ᠬᠤᠤᠷᠳᠠᠯ ᠢ ᠪᠠᠴᠢᠮ ᠬᠤᠤᠷᠳᠠᠯ ᠪᠠ ᠤᠵᠢᠭ ᠬᠤᠤᠷᠳᠠᠯ ᠬᠡᠵᠦ ᠬᠤᠶᠠᠷ ᠵᠦᠢᠯ ᠬᠤᠪᠢᠶᠠᠳᠠᠭ᠃ ᠪᠠᠴᠢᠮ | ᠬᠤᠤᠷᠳᠠᠯ ᠨᠢ ᠡᠮ ᠰᠦᠷᠴᠢᠭᠰᠡᠨ ᠬᠤᠶᠢᠨ᠎ᠠ ᠬᠡᠳᠦᠨ ᠴᠠᠭ ᠠᠴᠠ ᠬᠡᠳᠦᠬᠡᠨ ᠡᠳᠦᠷ ᠤᠨ ᠲᠤᠳᠤᠷ᠎ᠠ ᠮᠡᠳᠡᠭᠳᠡᠳᠡᠭ᠃ ᠵᠢᠱᠢᠶᠡᠯᠡᠪᠡᠯ ᠨᠠᠪᠴᠢ ᠵᠢᠮᠢᠰ ᠨᠢ ᠲᠤᠯᠪᠤᠳᠤᠬᠤ᠂ | ᠰᠢᠷᠠᠯᠠᠬᠤ᠂ ᠦᠬᠦᠰᠢᠷᠡᠬᠦ᠂ ᠨᠠᠪᠴᠢ ᠨᠢ ᠵᠤᠯᠭᠠᠷᠠᠬᠤ᠂ ᠵᠢᠮᠢᠰ ᠨᠢ ᠤᠨᠠᠬᠤ ᠵᠡᠷᠭᠡ᠃ ᠲᠠᠷᠢᠶᠠᠨ ᠡᠮ ᠤᠨ ᠤᠵᠢᠭ ᠬᠤᠤᠷᠳᠠᠯ ᠨᠢ ᠨᠠᠯᠢᠶᠠᠳ ᠤᠷᠳᠤ ᠬᠤᠪᠭᠤᠴᠠᠭᠠ | ᠪᠤᠯᠤᠭᠰᠠᠨ ᠤ ᠲᠠᠷᠠᠭ᠎ᠠ ᠰᠠᠶ᠋ᠢ ᠢᠯᠡᠷᠡᠳᠡᠭ᠃ ᠵᠢᠱᠢᠶᠡᠯᠡᠪᠡᠯ ᠬᠡᠷᠡᠯ ᠨᠡᠶᠢᠯᠡᠯᠬᠡ ᠶᠢᠨ ᠦᠢᠯᠡᠴᠢᠯᠡᠯ ᠨᠢ ᠪᠠᠭᠤᠷᠠᠵᠤ᠂ ᠴᠡᠴᠡᠭ ᠤᠨ ᠨᠠᠬᠢᠶ᠎ᠠ ᠶᠢᠨ ᠪᠦᠷᠢᠯᠳᠦᠬᠦ ᠪᠠ ᠵᠢᠮᠢᠰ | ᠪᠤᠯᠪᠠᠰᠤᠷᠠᠬᠤ ᠨᠢ ᠣᠳᠠᠭᠠᠰᠢᠷᠠᠵᠤ᠂ ᠪᠤᠭᠤᠨᠢᠰᠴᠤ ᠵᠡᠷᠦᠮᠳᠡᠭ ᠪᠤᠯᠬᠤ᠂ ᠠᠮᠳᠠ ᠦᠩᠭᠡ ᠨᠢ ᠠᠨᠠᠢ ᠪᠤᠯᠬᠤ ᠵᠡᠷᠭᠡ᠃ ᠵᠢᠮᠢᠰ ᠤᠨ ᠮᠤᠳᠤᠨ ᠤ ᠬᠤᠤᠷᠳᠠᠯ ᠢ ᠮᠡᠳᠡᠪᠡᠯ | ᠲᠤᠤᠷᠠᠬᠢ ᠠᠷᠭ᠎ᠠ ᠢᠶᠠᠷ ᠠᠪᠤᠷᠠᠯᠳᠠ ᠬᠢᠵᠦ ᠪᠤᠯᠤᠨ᠎ᠠ᠃ | 1. ᠲᠡᠭᠡᠳᠦ ᠮᠠᠩᠭᠠᠨ ᠬᠦᠴᠢᠯ ᠤᠨ ᠺᠠᠯᠢ ᠶᠢᠨ ᠠᠭᠤᠰᠤᠮᠠᠯ ᠢ ᠰᠦᠷᠴᠢᠨ ᠤᠷᠤᠭᠤᠯᠤᠨ᠎ᠠ᠃ ᠤᠯᠠᠩᠭᠢ ᠬᠢᠮᠢ ᠶᠢᠨ ᠪᠤᠳᠠᠰ ᠢ ᠴᠦᠮ ᠢᠰᠦᠯᠳᠦᠬᠦᠯᠦᠨ | ᠵᠠᠳᠠᠷᠠᠭᠤᠯᠬᠤ ᠦᠢᠯᠡᠳᠦᠯ ᠲᠠᠢ ᠪᠠᠶᠢᠳᠠᠭ᠃ | 2. ᠶᠡᠭᠡ ᠬᠡᠮᠵᠢᠶᠡᠨ ᠤ ᠴᠡᠪᠡᠷ ᠣᠰᠣ ᠪᠠᠷ ᠰᠦᠷᠴᠢᠨ ᠤᠬᠢᠶᠠᠨ᠎ᠠ᠃ ᠮᠠᠨᠠᠨ ᠰᠦᠷᠴᠢᠬᠦᠷ ᠮᠠᠰᠢᠨ ᠳᠠᠭᠠᠨ ᠲᠦᠭᠦᠷᠳᠡᠯ᠎ᠡ ᠣᠰᠣ ᠬᠢᠬᠡᠳ ᠵᠢᠮᠢᠰ ᠤᠨ ᠮᠤᠳᠤᠨ | ᠤ ᠨᠠᠪᠴᠢᠨ ᠤ ᠢᠯᠳᠡᠰᠦᠨ ᠲᠡᠭᠡᠷ᠎ᠡ ᠨᠢ ᠠᠬᠢᠨ ᠲᠠᠬᠢᠨ ᠤᠰᠤ ᠰᠦᠷᠴᠢᠪᠠᠯ ᠨᠠᠪᠴᠢᠨ ᠤ ᠢᠯᠳᠡᠰᠦᠨ ᠲᠡᠭᠡᠷᠡᠬᠢ ᠲᠠᠷᠢᠶᠠᠨ ᠡᠮ ᠨᠢ ᠬᠢᠯᠪᠠᠷᠬᠠᠨ ᠤᠨᠠᠴᠢᠬᠠᠳᠠᠭ ᠶᠣᠮ᠃ | | 3. ᠠᠳᠠᠯᠢ ᠲᠦᠷᠦᠯ ᠤᠨ ᠲᠠᠷᠢᠶᠠᠨ ᠡᠮ ᠬᠡᠷᠡᠭᠯᠡᠬᠦ ᠪᠠᠨ ᠵᠤᠭᠰᠣᠨ᠎ᠠ᠃ ᠲᠠᠷᠢᠶᠠᠨ ᠡᠮ ᠤᠨ ᠬᠤᠤᠷᠳᠠᠯ ᠨᠢ ᠠᠷᠢᠯᠬᠤ ᠠᠴᠠ ᠡᠮᠦᠨ᠎ᠡ᠂ ᠲᠠᠷᠢᠶᠠᠨ ᠡᠮ ᠢ ᠪᠠᠭ᠎ᠠ | ᠬᠡᠷᠡᠭᠯᠡᠬᠦ ᠪᠤᠶᠤ ᠬᠡᠷᠡᠭᠯᠡᠬᠦ ᠪᠠᠨ ᠲᠦᠷ ᠵᠤᠭᠰᠤᠬᠤ ᠬᠡᠷᠡᠭᠳᠡᠢ᠃ | 4. ᠨᠠᠪᠴᠢᠨ ᠤ ᠪᠤᠷᠳᠤᠭᠤᠷ ᠤᠷᠤᠭᠤᠯᠤᠨ᠎ᠠ᠃ ᠵᠢᠮᠢᠰ ᠤᠨ ᠮᠤᠳᠤ ᠬᠤᠤᠷᠳᠠᠯ ᠡᠬᠦᠰᠪᠡᠯ ᠣᠰᠣ ᠨᠦᠬᠦᠪᠦᠷᠢᠯᠡᠬᠦ ᠲᠠᠢ ᠪᠠᠨ ᠤᠶᠠᠯᠳᠤᠭᠤᠯᠤᠨ ᠲᠦᠷᠬᠡᠨ | ᠦᠢᠯᠡᠳᠦᠯᠳᠦ ᠬᠢᠮᠢ ᠶᠢᠨ ᠪᠤᠷᠳᠤᠭᠤᠷ ᠤᠷᠤᠭᠤᠯᠬᠤ ᠶᠢᠨ ᠬᠠᠮᠳᠤ ᠲᠠᠩᠨᠠᠵᠤ ᠰᠢᠷᠤᠢ ᠶᠢ ᠨᠢ ᠰᠤᠯᠠᠷᠠᠭᠤᠯᠪᠠᠯ ᠵᠢᠮᠢᠰ ᠤᠨ ᠮᠤᠳᠤᠨ ᠤ ᠬᠡᠪ ᠤᠨ ᠤᠷᠭᠤᠯᠳᠠ ᠶᠢ | ᠠᠬᠢᠭᠤᠯᠵᠤ ᠴᠢᠳᠠᠨ᠎ᠠ᠃ | |