ᠲᠠᠮᠦᠷᠯᠢᠭ ᠡᠳ᠋ ᠵᠠᠯᠭᠢᠭᠰᠠᠨ ᠥᠭᠡᠷ ᠢ ᠡᠮᠴᠢᠯᠠᠬᠦ ᠲᠥᠬᠦᠮ ᠠᠷᠭ᠎ᠠ
ᠨᠡᠶᠢᠲᠡᠯᠡᠭᠰᠡᠨ ᠴᠠᠭ᠄
2022/6/24
     ᠥᠭᠡᠷ ᠤᠨ ᠲᠠᠷ ᠮᠠᠭᠤᠳᠠᠵᠤ᠂ ᠴᠤᠭ ᠰᠥᠯᠳᠠ ᠨᠢ ᠪᠠᠭᠤᠷᠠᠵᠤ᠂ ᠭᠡᠪᠢᠬᠦ ᠨᠢ ᠪᠠᠭᠠᠰᠴᠤ ᠭᠡᠪ ᠤᠨ ᠪᠤᠰᠤ ᠪᠤᠯᠬᠤ᠂ ᠪᠥᠬᠦ᠋ᠢᠬᠦ᠂ ᠬᠥᠳᠠᠯᠬᠦ ᠲᠤᠷ᠎ᠠ ᠥᠭᠡᠢ᠂ ᠶᠤᠤᠯᠠᠬᠤ᠂ ᠤᠷᠤᠭᠤ ᠪᠠᠭᠤᠬᠤ ᠳᠠᠭᠠᠨ ᠡᠪᠠᠳᠬᠦ ᠢᠯᠠᠷᠠᠯ ᠲᠠᠢ᠂ ᠭᠡᠪᠳᠠᠬᠦ ᠳᠡᠭᠡᠨ ᠭᠢᠴᠢᠶᠠᠬᠦ ᠢᠯᠠᠷᠠᠯ ᠲᠠᠢ ᠪᠠᠶᠢᠪᠠᠯ ᠲᠠᠮᠤᠷ ᠤᠳᠠᠰᠤ᠂ ᠲᠠᠮᠤᠷ ᠬᠠᠳᠠᠭᠠᠰᠤ ᠵᠠᠯᠭᠢᠵᠤ᠂ ᠭᠡᠷᠭᠡᠨᠡᠭ ᠤᠨ ᠥᠷᠪᠢᠰᠤᠯ ᠪᠤᠯᠤᠭᠰᠠᠨ ᠪᠠᠶᠢᠵᠤ ᠮᠠᠳᠠᠨ᠎ᠠ᠃       ᠰᠤᠷᠢᠨᠵᠢᠨ ᠢᠶᠠᠷ ᠵᠠᠰᠠᠬᠤ ᠠᠷᠭ᠎ᠠ᠄       ᠥᠭᠡᠷ ᠢᠶᠠᠨ ᠪᠠᠭᠢᠯᠠᠵᠤ ᠲᠤᠭᠳᠠᠭᠠᠨ ᠥᠯᠠᠶᠢᠯᠭᠡᠨ ᠠᠮᠠ ᠶᠢ ᠨᠢ ᠠᠩᠭᠠᠶᠢᠢᠯᠭᠠᠨ ᠭᠡᠯᠨ ᠶᠢ ᠨᠢ ᠲᠠᠷᠤᠵᠤ᠂ ᠰᠤᠷᠢᠨᠵᠢᠨ ᠡᠰᠢ ᠶᠢ ᠤᠯᠠᠭᠠᠨ ᠬᠤᠭᠤᠯᠠᠢ ᠪᠠᠷ ᠨᠢ ᠤᠷᠤᠭᠤᠯᠵᠤ᠂ ᠴᠠᠪᠠᠷ ᠤᠰᠤ ᠴᠢᠳᠬᠤᠨ᠂ ᠰᠤᠷᠢᠨᠵᠢᠨ ᠲᠤᠯᠤᠭᠠᠢ ᠨᠢ ᠭᠡᠷᠭᠡᠨᠡᠭ ᠳᠤ ᠬᠥᠷᠥᠭᠰᠠᠨ ᠤ ᠲᠠᠷᠠᠭ᠎ᠠ ᠰᠤᠷᠢᠨᠵᠢᠨ ᠲᠠᠭᠡᠰᠤ ᠪᠠᠨ ᠪᠠᠭᠢᠯᠠᠵᠤ᠂ 20 ᠮᠢᠨᠦ᠋ᠲ ᠠᠯᠪᠠᠳᠠᠨ ᠬᠥᠳᠠᠯᠭᠡᠭᠡᠨ ᠭᠢᠯᠭᠡᠭᠰᠠᠨ ᠤ ᠲᠠᠷᠠᠭ᠎ᠠ ᠵᠠᠯᠭᠢᠭᠰᠠᠨ ᠲᠠᠮᠦᠷᠯᠢᠭ ᠢ ᠲᠠᠳᠠᠵᠤ ᠭᠠᠷᠭᠠᠵᠤ ᠪᠤᠯᠤᠨ᠎ᠠ᠃      ᠲᠠᠮᠦᠷᠯᠢᠭ ᠢ ᠭᠠᠷᠭᠠᠵᠤ ᠠᠪᠤᠭᠰᠠᠨ ᠤ ᠲᠠᠷᠠᠭᠠᠭᠢ ᠡᠮᠴᠢᠯᠡᠭᠡ᠄       ᠪᠠᠭ᠎ᠠ ᠭᠡᠮᠵᠢᠶᠠᠨ ᠤ ᠰᠢᠩᠭᠡᠭᠡᠬᠦ ᠳᠤ ᠭᠢᠯᠪᠠᠷ ᠲᠠᠵᠢᠭᠡᠯ ᠪᠤᠷᠳᠤᠭ᠎ᠠ ᠥᠭᠬᠦᠨ᠎ᠠ᠃ ᠮᠠᠬᠠᠪᠤᠳ ᠤᠨ ᠲᠠᠪᠤᠰᠤᠨ ᠠᠭᠤᠰᠤᠮᠠᠯ 1000 ᠮᠢᠯᠢᠯᠢᠲ᠋ᠧᠷ᠂ 5% ᠶᠢᠨ ᠰᠢᠭᠢᠷ 1000 ᠮᠢᠯᠢᠯᠢᠲ᠋ᠧᠷ᠂ ᠨᠠᠬᠦᠷᠠᠰᠤ ᠬᠥᠴᠢᠯ ᠤᠨ ᠤᠰᠤᠳᠦ᠋ᠷᠥᠭᠴᠢ ᠨᠠᠳ᠋ᠷᠢ 500 ᠮᠢᠯᠢᠯᠢᠲ᠋ᠧᠷ᠂ ᠥᠳᠭᠡᠨ ᠲᠠᠪᠤᠰᠤ 400 ᠮᠢᠯᠢᠯᠢᠲ᠋ᠧᠷ᠂ ᠤᠷᠳᠤ ᠬᠤᠭᠤᠴᠠᠭ᠎ᠠ ᠬᠥᠴᠤᠨ ᠲᠠᠢ ᠲᠸᠤ ᠪᠤᠤ 4᠂ ᠠᠨ ᠲᠥᠩ ᠳ᠋ᠢᠩ 10᠂ ᠸᠢᠲ᠋ᠠᠮᠢᠨ C 5᠂ 20% ᠶᠢᠨ ᠠᠨ ᠨᠠ ᠺᠠ 3 ᠶᠢ ᠬᠤᠯᠢᠵᠤ ᠥᠷᠬᠦᠯᠵᠢᠯᠠᠨ 5 ᠡᠳᠤᠷ ᠡᠮᠴᠢᠯᠠᠨ᠎ᠠ᠃     
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ