ᠮᠠᠯ ᠡᠮᠨᠡᠯᠬᠡ ᠵᠢᠴᠢ ᠮᠡᠯᠵᠢᠬᠤ ᠦᠢᠯᠡᠳᠪᠦᠷᠢᠯᠡᠯ ᠤᠨ ᠮᠡᠳᠡᠯᠬᠡ ᠲᠤᠷᠰᠢᠯᠭ᠎ᠠ ︵ᠨᠢᠭᠡ︶
ᠨᠡᠶᠢᠲᠡᠯᠡᠭᠰᠡᠨ ᠴᠠᠭ᠄
2022/6/27
       ᠪᠤᠭ ᠮᠠᠯ ᠢ ᠬᠠᠰᠢᠶᠠᠯᠠᠨ ᠲᠡᠵᠢᠬᠡᠬᠦ ᠰᠠᠶᠢᠨ ᠠᠷᠭ᠎ᠠ ᠮᠠᠯ ᠢ ᠬᠠᠰᠢᠶᠠᠯᠠᠨ ᠲᠡᠵᠢᠬᠡᠬᠦ ᠦᠶ᠎ᠡ ᠳᠤ ᠵᠠᠪᠠᠯ ᠠᠩᠬᠠᠷᠬᠤ ᠬᠡᠳᠦᠨ ᠵᠦᠢᠯ ᠭᠡᠪᠠᠯ᠄     1. ᠬᠠᠰᠢᠶ᠎ᠠ ᠬᠦᠷᠢᠶᠡᠨ ᠤ ᠶᠡᠭᠡ ᠪᠠᠭ᠎ᠠ ᠶᠢ ᠮᠠᠯ ᠪᠦᠷᠢ ᠶᠢᠨ ᠡᠵᠡᠯᠡᠬᠦ ᠲᠡᠯᠡᠪᠡᠢ ᠨᠢ 0.8 — 1 ᠲᠡᠭᠰᠢ ᠲᠦᠷᠪᠡᠯᠵᠢᠨ ᠮᠧᠳ᠋ᠷ ᠤᠨ ᠪᠠᠷᠢᠮᠵᠢᠶ᠎ᠡ ᠪᠠᠷ ᠪᠡᠯᠡᠳᠬᠡᠵᠦ ᠪᠡᠷᠢᠨ ᠡᠬᠦᠨ ᠠᠴᠠ ᠠᠭᠤᠵᠢᠭᠤ ᠪᠤᠯ ᠨᠠᠩ ᠰᠠᠶᠢᠨ᠃ ᠮᠠᠯ ᠲᠡᠵᠢᠬᠡᠬᠦ ᠪᠡ ᠬᠤᠨᠤᠬᠤ ᠬᠠᠰᠢᠶ᠎ᠠ ᠶᠢ ᠠᠰ ᠠᠰ ᠲᠤᠨᠢ ᠪᠠᠯᠡᠳᠬᠡᠪᠡᠯ ᠰᠠᠶᠢᠨ ᠪᠠᠶᠢᠳᠠᠭ᠃     2. ᠮᠠᠯ ᠲᠡᠵᠢᠬᠡᠬᠦ ᠬᠠᠰᠢᠶᠠᠨ ᠳᠠᠭᠠᠨ ᠡᠪᠡᠰᠦ ᠲᠡᠵᠢᠬᠡᠬᠦ ᠤᠩᠭᠤᠴᠠ᠂ ᠤᠰᠤᠨ ᠤᠩᠭᠤᠴᠠ᠂ ᠪᠤᠷᠳᠤᠭᠠᠨ ᠤ ᠤᠩᠭᠤᠴᠠ ᠶᠢ ᠲᠤᠰ ᠲᠤᠰ ᠲᠤᠨᠢ ᠪᠡᠯᠡᠳᠬᠡᠵᠦ ᠲᠡᠯᠪᠢᠪᠡᠯ ᠡᠪᠡᠰᠦ ᠪᠤᠷᠳᠤᠭ᠎ᠠ ᠳᠤ ᠭᠠᠮᠳᠠᠢ ᠮᠦᠷᠳᠡᠬᠡᠨ ᠴᠡᠪᠡᠷᠬᠡᠨ ᠲᠤᠬᠢᠯᠢᠭ ᠲᠡᠵᠢᠬᠡᠵᠦ ᠴᠢᠳᠠᠳᠠᠭ᠃     3. ᠮᠠᠯ ᠲᠡᠵᠢᠬᠡᠬᠦ ᠬᠠᠰᠢᠶ᠎ᠠ ᠨᠢ ᠵᠠᠪᠠᠯ ᠰᠠᠷᠠᠪᠴᠢ ᠲᠠᠢ ᠪᠠᠶᠢᠪᠠᠯ ᠬᠦᠢᠳᠡᠨ ᠨᠦᠢᠳᠡᠨ ᠴᠠᠰᠦ ᠪᠤᠷᠤᠭᠠᠨ ᠲᠠᠢ ᠦᠶ᠎ᠡ ᠳᠤ ᠡᠪᠡᠰᠦ ᠲᠠᠵᠢᠬᠡᠯ ᠢᠶᠠᠨ ᠰᠦᠢᠳᠬᠡᠬᠦ ᠦᠬᠡᠢ ᠪᠠᠶᠢᠳᠠᠭ᠃     4. ᠮᠠᠯ ᠬᠤᠨᠤᠬᠤ ᠬᠠᠰᠢᠶ᠎ᠠ ᠶᠢ ᠵᠠᠳᠠᠭᠠᠢ ᠰᠠᠷᠠᠪᠴᠢ ᠦᠬᠡᠢ ᠪᠠᠷᠢᠬᠰᠠᠨ ᠴᠦ ᠪᠤᠯᠳᠠᠭ᠃ ᠨᠦᠬᠦᠴᠡᠯ ᠲᠠᠢ ᠪᠤᠯ ᠰᠠᠷᠠᠪᠴᠢ ᠲᠤᠬᠢᠷᠠᠭᠤᠯᠵᠦ ᠪᠤᠯᠤᠨ᠎ᠠ᠃ ᠶᠡᠷᠦᠳᠡᠬᠡᠨ ᠵᠠᠳᠠᠭᠠᠢ ᠬᠠᠰᠢᠶᠠᠨ ᠳᠤ ᠮᠠᠯ ᠬᠤᠨᠤᠬᠤ ᠳᠠᠭᠠᠨ ᠰᠢᠬᠠᠯᠳᠤᠵᠦ ᠪᠦᠬᠡᠮᠨᠡᠷᠡᠯᠳᠦᠬᠦ ᠦᠬᠡᠢ ᠰᠠᠶᠢᠨ ᠪᠠᠶᠢᠳᠠᠭ᠃     5. ᠬᠠᠰᠢᠶ᠎ᠠ ᠰᠠᠷᠠᠪᠴᠢ ᠪᠠᠨ ᠦᠷᠭᠦᠯᠵᠢ ᠠᠷᠢᠭᠤᠨ ᠴᠡᠪᠡᠷ ᠪᠠᠶᠢᠯᠭᠠᠵᠦ ᠮᠠᠯ ᠤᠨ ᠡᠷᠡᠬᠦᠯ ᠮᠡᠨᠳᠦ ᠶᠢ ᠪᠠᠳᠤᠯᠠᠬᠤ ᠬᠡᠷᠡᠭᠳᠡᠢ᠃     6. ᠮᠠᠯ ᠤᠨ ᠪᠦᠬᠡᠰᠦ ᠪᠠ ᠬᠠᠯᠠᠭᠤ ᠶᠢ ᠲᠠᠷᠤᠬᠤ ᠡᠮ ᠢ ᠪᠦᠷᠢᠨ ᠪᠠᠯᠡᠳᠬᠡᠬᠦ ᠬᠡᠷᠡᠭᠳᠡᠢ᠃ ᠶᠡᠷᠦ ᠶᠢᠨ ᠪᠡᠯᠡᠳᠬᠡᠬᠦ ᠡᠮ ᠳᠤ ᠴᠢᠤᠢ ᠴᠦᠡᠭ ᠸᠠᠩ᠂ ᠴᠢᠩ ᠹᠦ᠋ ᠱᠠᠨ᠂ ᠰᠢᠶᠤᠤ ᠬᠤᠸᠡᠩ ᠰᠡᠨ᠂ ᠵᠢᠶᠡᠨ ᠸᠧᠢ ᠰᠡᠨ᠃ ᠪᠦᠬᠡᠰᠦᠨ ᠤ ᠡᠮ ᠳᠤ᠂ ᠢ ᠸᠧᠢ ᠵᠢᠶᠦ᠋ᠨ ᠰᠥ᠂ ᠾᠸᠢ ᠮᠸᠢ ᠰᠥ ᠪᠠᠶᠢᠳᠠᠭ᠃ ᠲᠡᠵᠢᠬᠡᠵᠦ ᠪᠠᠶᠢᠭ᠎ᠠ ᠮᠠᠯ ᠳᠠᠭᠠᠨ ᠴᠠᠭᠠᠨ ᠰᠢᠬᠢᠷ ᠲᠠᠢ ᠤᠰᠤ ᠪᠤᠶᠤ ᠮᠠᠷᠭᠠᠨᠵᠠᠪ ᠲᠠᠢ ᠤᠰᠤ ᠪᠠᠷ ᠦᠷᠬᠦᠯᠵᠢ ᠤᠰᠤᠯᠠᠪᠠᠯ ᠮᠠᠯ ᠤᠨ ᠬᠦᠴᠦ ᠲᠠᠷᠭᠤ ᠠᠪᠬᠤ ᠨᠢ ᠲᠦᠷᠭᠡᠰᠴᠤ ᠪᠠᠷᠤᠬᠳᠠᠢ ᠳᠤ ᠡᠪᠡᠳᠴᠢᠨ ᠬᠠᠯᠳᠠᠬᠤ ᠦᠬᠡᠢ ᠪᠠᠶᠢᠳᠠᠭ᠃          
ᠢᠷᠡᠯᠲᠡ᠄ ᠯᠢᠨ ᠡᠾᠧ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ