ᠮᠠᠯ ᠤᠨ ᠡᠮ ᠬᠢᠭᠡᠳ ᠳᠡᠵᠢᠬᠡᠯ ᠪᠣᠷᠳᠣᠭᠠᠨ ᠤ ᠬᠠᠷᠰᠢᠯ
ᠨᠡᠶᠢᠲᠡᠯᠡᠭᠰᠡᠨ ᠴᠠᠭ᠄
2022/7/22
                                    ᠮᠠᠰᠢ ᠤᠯᠠᠨ ᠵᠥᠢᠯ ᠤᠨ ᠲᠠᠵᠢᠭᠡᠯ ᠪᠤᠷᠳᠤᠭ᠎ᠠ ᠵᠢᠴᠢ ᠲᠠᠵᠢᠭᠡᠯ ᠪᠤᠷᠳᠤᠭᠠᠨ ᠤ ᠨᠠᠮᠠᠯᠳᠠ ᠡᠳ᠋ ᠨᠢ ᠭᠡᠮ ᠭᠢᠵᠢᠭ ᠢ ᠰᠠᠷᠭᠡᠶᠢᠯᠠᠬᠦ ᠡᠮ ᠲᠠᠢ ᠡᠰᠠᠷᠬᠦᠴᠠᠯᠳᠤᠬᠦ ᠥᠢᠯᠠᠳᠤᠯ ᠭᠠᠷᠴᠤ᠂ ᠡᠮ ᠤᠨ ᠥᠢᠯᠠᠳᠤᠯ ᠢ ᠲᠤᠷᠤᠭᠰᠢᠯᠠᠭᠤᠯᠳᠠᠭ᠃ ᠡᠶᠢᠮᠤ ᠠᠴᠠ ᠮᠠᠯ ᠵᠢᠬᠦᠷᠳᠠᠨ ᠳᠤ ᠡᠮ ᠭᠡᠷᠡᠭᠯᠠᠬᠦ ᠳᠡᠭᠡᠨ ᠵᠠᠷᠢᠮ ᠲᠠᠵᠢᠭᠡᠯ ᠪᠤᠷᠳᠤᠭ᠎ᠠ ᠭᠢᠭᠡᠳ ᠲᠠᠵᠢᠭᠡᠯ ᠪᠤᠷᠳᠤᠭᠠᠨ ᠤ ᠨᠠᠮᠠᠯᠳᠠ ᠡᠳ᠋ ᠢᠶᠠᠷ ᠲᠠᠵᠢᠭᠡᠬᠦ ᠪᠠᠨ ᠵᠤᠭᠰᠤᠪᠠᠯ ᠵᠤᠭᠢᠨ᠎ᠠ᠃       1. ᠰᠧ ᠬᠤᠸᠠᠨ ᠰᠤ᠋᠂ ᠲᠥ᠋ ᠮᠸᠢ ᠰᠤ᠋ ᠪᠤᠷᠴᠠᠭ ︵ᠰᠢᠷ᠎ᠠ ᠪᠤᠷᠴᠠᠭ ᠭᠢᠭᠡᠳ ᠬᠠᠷ᠎ᠠ ᠪᠤᠷᠴᠠᠭ︶ ᠲᠤ ᠺᠠᠯᠼ᠂ ᠮᠠᠭᠨᠢ ᠵᠠᠷᠭᠡ ᠡᠯᠧᠮᠧᠨ᠋ᠲ ᠨᠠᠯᠢᠶᠠᠳ ᠠᠭᠤᠯᠵᠤ ᠂ ᠡᠳᠠᠭᠡᠷ ᠡᠯᠧᠮᠧᠨ᠋ᠲ ᠨᠢ ᠰᠧ ᠬᠤᠸᠠᠨ ᠰᠤ᠋ ᠶᠢᠨ ᠲᠥᠷᠤᠯ ᠤᠨ ᠡᠮ ᠲᠠᠢ ᠤᠶᠠᠯᠳᠤᠪᠠᠯ ᠤᠰᠤᠨ ᠳᠤ ᠠᠭᠤᠰᠬᠤ ᠥᠭᠡᠢ ᠰᠢᠩᠭᠡᠭᠡᠨ ᠠᠰᠢᠭᠯᠠᠬᠤ ᠳᠤ ᠴᠤ ᠬᠥᠴᠢᠷ ᠪᠤᠯᠵᠤ᠂ ᠡᠮ ᠤᠨ ᠥᠢᠯᠠᠳᠤᠯ ᠢ ᠲᠤᠷᠤᠭᠰᠢᠯᠠᠭᠤᠯᠳᠠᠭ᠃ ᠰᠧ ᠬᠤᠸᠠᠨ ᠰᠤ᠋᠂ ᠲᠥ᠋ ᠮᠸᠢ ᠰᠤ᠋ ᠵᠠᠷᠭᠡ ᠨᠢᠶᠠᠨ ᠲᠠᠷᠤᠭᠴᠢ ᠡᠮ ᠭᠡᠷᠡᠭᠯᠠᠬᠦ ᠥᠶᠠᠰ ᠴᠢᠯᠠᠭᠤᠨ ᠲᠠᠯᠬ᠎ᠠ᠂ ᠶᠠᠰᠤᠨ ᠲᠠᠯᠬ᠎ᠠ᠂ ᠥᠨᠳᠠᠭᠡᠨ ᠬᠠᠯᠢᠰᠤᠨ ᠲᠠᠯᠬ᠎ᠠ᠂ ᠴᠤᠬᠤᠢ ᠶᠢᠨ ᠲᠠᠯᠬ᠎ᠠ ᠵᠠᠷᠭᠡ ᠲᠠᠵᠢᠭᠡᠯ ᠪᠤᠷᠳᠤᠭᠠᠨ ᠤ ᠨᠠᠮᠠᠯᠳᠠ ᠡᠳ᠋ ᠢᠶᠠᠷ ᠲᠠᠵᠢᠭᠡᠬᠦ ᠨᠢ ᠵᠤᠭᠢᠰ ᠥᠭᠡᠢ᠃        2. ᠬᠥᠬᠦᠷ ᠬᠥᠴᠢᠯ ᠤᠨ ᠤᠰᠤᠳᠦ᠋ᠷᠥᠭᠴᠢ ᠨᠠᠳ᠋ᠷᠢ ᠰᠢᠰᠢ ᠳᠤ ᠲᠠᠨᠨᠢᠨ ᠬᠥᠴᠢᠯ ᠨᠠᠯᠢᠶᠠᠳ ᠡᠯᠪᠡᠭ ᠠᠭᠤᠯᠵᠤ᠂ ᠤᠨᠴᠠᠭᠠᠶᠢᠢᠯᠠᠨ ᠡᠷᠯᠢᠰᠠᠵᠢᠬᠦᠯᠥᠭᠰᠠᠨ ᠰᠢᠰᠢ ᠳᠤ ᠪᠠᠷᠤᠭ 23% ᠶᠢᠨ ᠲᠠᠨᠨᠢᠨ ᠬᠥᠴᠢᠯ ᠠᠭᠤᠯᠤᠨ᠂ ᠲᠠᠮᠤᠷ ᠠᠭᠤᠯᠬᠤ ᠡᠳ᠋ ᠤᠨ ᠴᠢᠨᠠᠷ ᠢ ᠬᠤᠪᠢᠷᠠᠭᠤᠯᠳᠠᠭ᠃ ᠬᠥᠬᠦᠷ ᠬᠥᠴᠢᠯ ᠤᠨ ᠤᠰᠤᠳᠦ᠋ᠷᠥᠭᠴᠢ ᠨᠠᠲᠷᠢ ᠪᠠᠷ ᠮᠠᠯ ᠵᠢᠬᠦᠷᠳᠠᠨ ᠤ ᠭᠡᠮ ᠢ ᠡᠮᠨᠠᠨ ᠵᠠᠰᠠᠬᠤ ᠥᠶᠠᠰ᠂ ᠰᠢᠰᠢ ᠵᠠᠷᠭᠡ ᠲᠠᠨᠨᠢᠨ ᠬᠥᠴᠢᠯ ᠡᠯᠪᠡᠭ ᠠᠭᠤᠯᠤᠭᠰᠠᠨ ᠲᠠᠵᠢᠭᠡᠯ ᠪᠤᠷᠳᠤᠭ᠎ᠠ ᠪᠠᠷ ᠲᠠᠵᠢᠭᠡᠬᠦ ᠥᠭᠡᠢ ᠪᠤᠯ ᠵᠤᠭᠢᠨ᠎ᠠ᠃ ᠤᠴᠢᠷ ᠨᠢ ᠲᠠᠨᠨᠢᠨ ᠬᠥᠴᠢᠯ ᠨᠢ ᠬᠥᠬᠦᠷ ᠬᠥᠴᠢᠯ ᠤᠨ ᠤᠰᠤᠳᠦ᠋ᠷᠥᠭᠴᠢ ᠨᠠᠲᠷᠢ ᠶᠢ ᠵᠠᠳᠠᠷᠠᠭᠤᠯᠤᠭᠰᠠᠨ ᠠᠴᠠ ᠪᠤᠯᠵᠤ ᠡᠮ ᠤᠨ ᠥᠢᠯᠠᠳᠤᠯ ᠢ ᠪᠠᠭᠤᠷᠠᠭᠤᠯᠬᠤ ᠪᠤᠶᠤ ᠥᠭᠡᠶᠢᠰᠭᠡᠳᠡᠭ᠃        3.ᠢᠪᠢᠯᠭᠡᠬᠦ ᠡᠮ ᠮᠠᠯ ᠲᠥᠯᠯᠡᠭᠰᠠᠨ ᠤ ᠲᠠᠷᠠᠭ᠎ᠠ ᠰᠦ ᠠᠨᠠᠢ ᠠᠴᠠ ᠪᠤᠯᠵᠤ ᠢᠪᠢᠯᠭᠡᠬᠦ ᠡᠮ ᠭᠡᠷᠡᠭᠯᠠᠬᠦ ᠥᠶᠠᠰ ᠪᠤᠭ᠋᠊ᠤᠳᠠᠢ ᠶᠢᠨ ᠨᠠᠭᠢᠶ᠎ᠠ ᠪᠠᠷ ᠲᠠᠵᠢᠭᠡᠬᠦ ᠶᠢ ᠴᠠᠭᠡᠷᠯᠠᠨ᠎ᠠ᠂ ᠤᠴᠢᠷ ᠨᠢ ᠪᠤᠭᠤᠳᠠᠢ ᠶᠢᠨ ᠨᠠᠭᠢᠶ᠎ᠠ ᠰᠦ ᠲᠠᠳᠠᠭᠤᠷᠠᠭᠤᠯᠬᠤ ᠥᠢᠯᠠᠳᠤᠯ ᠲᠠᠢ᠃ ᠱᠧᠩ ᠳ᠋ᠢ᠂ ᠱᠥ ᠳ᠋ᠢ᠂ ᠾᠧ ᠱᠸᠤ ᠡᠤ᠂ ᠪᠠᠨ ᠰᠢᠶ᠋ᠨ ᠵᠠᠷᠭᠡ ᠭᠢᠳᠠᠳ ᠡᠮ ᠭᠡᠷᠡᠭᠯᠠᠬᠦ ᠥᠶᠠᠰ ᠴᠢᠰᠤᠨ ᠲᠠᠯᠬ᠎ᠠ ᠪᠠᠷ ᠲᠠᠵᠢᠭᠡᠬᠦ ᠶᠢ ᠴᠠᠭᠡᠷᠯᠠᠨ᠎ᠠ᠃ ᠲᠠᠷᠨ ᠨᠢ ᠡᠮ ᠤᠨ ᠢᠳᠠ ᠶᠢ ᠴᠢᠩᠭᠠᠷᠠᠭᠤᠯᠳᠠᠭ᠃       4. ᠳ᠋ᠢ ᠪᠠᠢ ᠴᠥᠩ ᠳ᠋ᠢ ᠪᠠᠢ ᠴᠥᠩ ᠢ ᠭᠡᠷᠡᠭᠯᠠᠨ ᠮᠠᠯ ᠤᠨ ᠬᠤᠷᠤᠬᠠᠢ ᠬᠥᠭᠡᠭᠡᠬᠦ ᠥᠶᠠᠰ ᠪᠠᠭ᠎ᠠ ᠰᠤᠳᠠ ᠠᠭᠤᠯᠤᠭᠰᠠᠨ ᠲᠠᠵᠢᠭᠡᠯ ᠪᠤᠷᠳᠤᠭᠠᠨ ᠤ ᠨᠠᠮᠠᠯᠳᠠ ᠡᠳ᠋ ᠢᠶᠠᠷ ᠲᠠᠵᠢᠭᠡᠬᠦ ᠶᠢ ᠴᠠᠭᠡᠷᠯᠠᠨ᠎ᠠ᠃ ᠤᠴᠢᠷ ᠨᠢ ᠪᠠᠭ᠎ᠠ ᠰᠤᠳᠠ ᠱᠥᠯᠳᠦᠯᠢᠭ ᠴᠢᠨᠠᠷ ᠢᠶᠠᠷ ᠨᠠᠯᠢᠶᠠᠳ ᠴᠢᠩᠭ᠎ᠠ ᠪᠠᠶᠢᠵᠤ᠂ ᠳ᠋ᠢ ᠪᠠᠢ ᠴᠥᠩ ᠢ ᠨᠠᠯᠢᠶᠠᠳ ᠬᠤᠤᠷ᠎ᠠ ᠲᠠᠢ ᠳ᠋ᠢ ᠳ᠋ᠢ ᠸᠧᠢ ᠪᠤᠯᠭᠠᠨ ᠬᠤᠪᠢᠷᠠᠭᠤᠯᠤᠭᠰᠠᠨ ᠠᠴᠠ ᠪᠤᠯᠵᠤ᠂ ᠬᠤᠤᠷᠳᠠᠯ ᠡᠬᠦᠰᠭᠡᠬᠦ ᠪᠤᠯᠤᠨ᠎ᠠ᠃        5. ᠸᠢᠲ᠋ᠠᠮᠢᠨ A ᠬᠥᠪᠤᠩ ᠤᠨ ᠥᠷ᠎ᠠ ᠶᠢᠨ ᠪᠢᠩ ᠨᠢ ᠸᠢᠲ᠋ᠠᠮᠢᠨ A ᠶᠢᠨ ᠰᠢᠩᠭᠡᠭᠡᠨ ᠠᠰᠢᠭᠯᠠᠬᠤ ᠶᠢ ᠨᠥᠯᠤᠭᠡᠯᠠᠳᠡᠭ᠃ ᠸᠢᠲ᠋ᠠᠮᠢᠨ A ᠲᠤᠳᠠᠭᠳᠠᠭᠰᠠᠨ ᠢ ᠰᠠᠷᠭᠡᠶᠢᠯᠠᠨ ᠵᠠᠰᠠᠬᠤ ᠥᠶᠠᠰ ᠬᠥᠪᠤᠩ ᠤᠨ ᠥᠷ᠎ᠠ ᠶᠢᠨ ᠪᠢᠩ ᠢᠶᠠᠷ ᠲᠠᠵᠢᠭᠡᠬᠦ ᠪᠠᠨ ᠵᠤᠭᠰᠤᠪᠠᠯ ᠵᠤᠭᠢᠨ᠎ᠠ᠃        6. ᠺᠠᠯᠼ ᠪᠥᠸᠧᠼᠠᠢ ᠨᠤᠭᠤᠭ᠎ᠠ ᠳᠤ ᠡᠪᠠᠰᠤᠨ ᠬᠥᠴᠢᠯ ᠡᠯᠪᠡᠭ ᠠᠭᠤᠯᠵᠤ᠂ ᠰᠢᠩᠭᠡᠭᠡᠯᠳᠠ ᠶᠢᠨ ᠵᠠᠮ ᠳᠤ ᠺᠠᠯᠼ ᠲᠠᠢ ᠨᠠᠶᠢᠯᠠᠭᠡᠳ ᠠᠭᠤᠰᠬᠤ ᠴᠢᠨᠠᠷ ᠥᠭᠡᠢ ᠡᠪᠠᠰᠤᠨ ᠬᠥᠴᠢᠯ ᠤᠨ ᠺᠠᠯᠼ ᠪᠤᠯᠵᠤ ᠺᠠᠯᠼ ᠰᠢᠩᠭᠡᠭᠡᠬᠦ ᠶᠢ ᠬᠠᠷᠰᠢᠯᠠᠳᠠᠭ᠃      7. ᠲᠠᠮᠤᠷ ᠬᠥᠬᠦᠷ ᠬᠥᠴᠢᠯ ᠤᠨ ᠲᠤᠳᠠᠭᠤ ᠲᠠᠮᠤᠷ ᠵᠠᠷᠭᠡ ᠲᠠᠮᠤᠷ ᠠᠭᠤᠯᠬᠤ ᠡᠮ ᠭᠡᠷᠡᠭᠯᠠᠬᠦ ᠥᠶᠠᠰ ᠪᠤᠭᠤᠳᠠᠢ ᠶᠢᠨ ᠠᠭᠠᠭ ᠢᠶᠠᠷ ᠲᠠᠵᠢᠭᠡᠬᠦ ᠶᠢ ᠴᠠᠭᠡᠷᠯᠠᠨ᠎ᠠ᠃ ᠤᠴᠢᠷ ᠨᠢ ᠪᠤᠭᠤᠳᠠᠢ ᠶᠢᠨ ᠠᠭᠠᠭ ᠲᠤ ᠹᠤᠰᠹᠤᠷ ᠡᠯᠪᠡᠭ ᠠᠭᠤᠯᠵᠤ᠂ ᠡᠮ ᠤᠨ ᠰᠢᠩᠭᠡᠭᠡᠯᠳᠠ ᠶᠢ ᠰᠠᠭᠠᠳᠠᠭᠤᠯᠳᠠᠭ᠃ ᠡᠬᠦᠨ ᠤ ᠬᠠᠮᠳᠤ ᠶᠠᠰᠤ ᠵᠥᠭᠡᠯᠠᠷᠠᠬᠦ ᠭᠡᠮ ᠢ ᠡᠮ ᠢᠶᠠᠷ ᠵᠠᠰᠠᠬᠤ ᠥᠶᠠᠰ ᠪᠤᠭᠤᠳᠠᠢ ᠶᠢᠨ ᠠᠭᠠᠭ ᠢᠶᠠᠷ ᠲᠠᠵᠢᠭᠡᠬᠦ ᠶᠢ ᠴᠠᠭᠡᠷᠯᠠᠨ᠎ᠠ᠃         8. ᠴᠢᠩ ᠮᠸᠢ ᠰᠤ᠋᠂ ᠯᠢᠶᠠᠨ ᠮᠸᠢ ᠰᠤ᠋ ᠴᠢᠩ ᠮᠸᠢ ᠰᠤ᠋᠂ ᠯᠢᠶᠠᠨ ᠮᠸᠢ ᠰᠤ᠋ ᠶᠢ ᠭᠡᠷᠡᠭᠯᠠᠬᠦ ᠥᠶᠠᠰ ᠲᠠᠷᠤᠰᠢᠭᠤᠯᠤᠭᠰᠠᠨ ᠲᠠᠵᠢᠭᠡᠯ ᠪᠤᠷᠳᠤᠭ᠎ᠠ ᠭᠢᠭᠡᠳ ᠪᠠᠵᠠᠮᠠᠭ ᠢᠶᠠᠷ ᠲᠠᠵᠢᠭᠡᠬᠦ ᠶᠢ ᠴᠠᠭᠡᠷᠯᠠᠨ᠎ᠠ᠃ ᠤᠴᠢᠷ ᠨᠢ ᠡᠳᠠᠭᠡᠷ ᠲᠠᠵᠢᠭᠡᠯ ᠪᠤᠷᠳᠤᠭ᠎ᠠ ᠨᠢ ᠱᠥᠯᠳᠦᠯᠢᠭ ᠴᠢᠨᠠᠷ ᠢᠶᠠᠷ ᠴᠢᠩᠭ᠎ᠠ ᠮᠥᠷᠳᠠᠭᠡᠨ ᠴᠢᠩ ᠮᠸᠢ ᠰᠤ᠋᠂ ᠯᠢᠶᠠᠨ ᠮᠸᠢ ᠰᠤ᠋ ᠨᠢ ᠱᠥᠯᠳᠦᠯᠢᠭ ᠴᠢᠨᠠᠷ ᠢᠶᠠᠷ ᠴᠢᠩᠭ᠎ᠠ ᠤᠷᠴᠢᠨ ᠤ ᠨᠥᠬᠦᠴᠠᠯ ᠲᠤᠤᠷ᠎ᠠ ᠡᠮ ᠤᠨ ᠥᠢᠯᠠᠳᠤᠯ ᠨᠢ ᠠᠮᠠᠷᠬᠠᠨ ᠡᠪᠳᠡᠭᠳᠡᠳᠡᠭ᠃       
ᠢᠷᠡᠯᠲᠡ᠄ ᠰᠢᠨ᠎ᠡ ᠮᠠᠯᠴᠢᠳ ᠤᠨ ᠰᠣᠨᠢᠨ