ᠼᠤᠤ ᠪᠠᠷ ᠮᠠᠯ ᠵᠢᠭᠦᠷᠳᠡᠨ ᠤ ᠭᠡᠮ ᠢ ᠡᠮᠨᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2022/7/22
                                    ᠼᠤᠤ ᠪᠤᠯ ᠢᠰᠭᠦᠯᠡᠩ ᠪᠦᠯᠢᠶᠡᠨ ᠴᠢᠨᠠᠷᠳᠠᠢ ᠪᠤᠯᠬᠤᠷ ᠬᠤᠷᠠᠬᠰᠠᠨ ᠢ ᠳᠠᠷᠬᠠᠭᠠᠵᠥ᠂ ᠪᠠᠺᠲ᠋ᠧᠷᠢ ᠶᠢ ᠠᠯᠠᠵᠥ᠂ ᠦᠷᠪᠢᠰᠤᠯ ᠢ ᠳᠠᠷᠤᠬᠤ ᠦᠢᠯᠡᠳᠤᠯ ᠲᠠᠢ ᠪᠦᠭᠡᠳ ᠦᠰᠦᠯᠳᠡ ᠪᠤᠶᠢᠵᠢᠯᠳᠠ ᠶᠢ ᠠᠬᠢᠭᠤᠯᠤᠨ᠂ ᠮᠠᠯ ᠵᠢᠭᠦᠷᠳᠡᠨ ᠤ ᠭᠡᠮ ᠬᠢᠵᠢᠭ ᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠬᠦ ᠦᠢᠯᠡᠳᠤᠯ ᠲᠠᠢ ᠮᠠᠰᠢ ᠰᠠᠶᠢᠨ ᠮᠠᠯ ᠤᠨ ᠡᠮ ᠪᠤᠯᠤᠨ᠎ᠠ᠃ ᠼᠤᠤ ᠪᠤᠯ ᠮᠠᠯ ᠵᠢᠭᠦᠷᠳᠡᠨ ᠤ ᠮᠠᠰᠢ ᠣᠯᠠᠨ ᠭᠡᠮ ᠬᠢᠵᠢᠭ ᠢ ᠵᠠᠰᠠᠵᠥ ᠪᠤᠯᠬᠤ ᠶᠢ ᠡᠮᠴᠢᠯᠡᠭᠡᠨ ᠤ ᠦᠢᠯᠡᠳᠤᠯᠭᠡ ᠭᠡᠷᠡᠴᠢᠯᠡᠪᠡ᠃      1᠂ ᠦᠭᠡᠷ ᠤᠨ ᠬᠦᠵᠡᠭᠡ ᠰᠠᠷᠬᠢᠨᠠᠬ ᠤᠨ ᠠᠪᠰᠢᠯᠳᠠ ᠮᠠᠭᠤᠳᠠᠬᠤ ᠶᠢ ᠵᠠᠰᠠᠬᠤ᠄ ᠰᠢᠩᠭᠡᠭᠡᠯᠳᠡ ᠶᠢᠨ ᠡᠮ ᠳᠤ 200 ᠮᠢᠯᠢᠯᠢᠲᠷ ᠤᠰᠤ ᠬᠤᠯᠢᠵᠥ᠂ 500 ᠮᠢᠯᠢᠯᠢᠲᠷ ᠼᠤᠤ ᠨᠡᠮᠡᠵᠥ ᠨᠠᠶᠢᠷᠠᠭᠤᠯᠤᠭᠠᠳ ᠦᠭᠡᠷ ᠲᠤ ᠤᠤᠭᠤᠯᠭᠠᠨ᠎ᠠ᠃     2᠂ ᠦᠭᠡᠷ ᠤᠨ ᠰᠢᠩᠭᠡᠭᠡᠯᠳᠡ ᠮᠠᠭᠤᠳᠠᠬᠰᠠᠨ ᠢ ᠵᠠᠰᠠᠬᠤ᠄ 500 ᠮᠢᠯᠢᠯᠢᠲᠷ ᠼᠤᠤ᠂ 100 ᠭᠷᠠᠮ ᠳ᠋ᠸᠤᠹᠦ᠋᠂ 30 ᠭᠷᠠᠮ ᠬᠠᠭᠤᠷᠤᠬᠰᠠᠨ ᠳᠠᠪᠤᠰᠤ ᠶᠢ ᠵᠢᠭᠳᠡ ᠬᠤᠯᠢᠬᠰᠠᠨ ᠤ ᠳᠠᠷᠠᠭ᠎ᠠ ᠦᠭᠡᠷ ᠲᠤ ᠡᠳᠤᠷ ᠪᠦᠷᠢ 1 ᠤᠳᠠᠭ᠎ᠠ ᠦᠭᠭᠦᠨ᠎ᠠ᠃      3᠂ ᠦᠭᠡᠷ ᠤᠨ ᠬᠤᠳᠤᠭᠤᠳᠤ ᠭᠡᠳᠡᠰᠤᠨ ᠤ ᠦᠷᠪᠢᠰᠤᠯ ᠢ ᠵᠠᠰᠠᠬᠤ᠄ 500 ᠮᠢᠯᠢᠯᠢᠲᠷ ᠼᠤᠤ᠂ 1000 ᠭᠷᠠᠮ ᠬᠠᠭᠤᠷᠤᠬᠰᠠᠨ ᠰᠢᠰᠢ ᠶᠢᠨ ᠳᠠᠯᠬ᠎ᠠ ᠶᠢ ᠬᠦᠢᠴᠡᠳ ᠬᠤᠯᠢᠬᠰᠠᠨ ᠤ ᠳᠠᠷᠠᠭ᠎ᠠ ᠤᠰᠤ ᠪᠠᠷ ᠵᠢᠭᠤᠷᠠᠭᠠᠳ ᠦᠭᠡᠷ ᠲᠤ ᠤᠤᠭᠤᠯᠭᠠᠨ᠎ᠠ᠃ ᠡᠳᠤᠷ ᠲᠤ 1 ᠤᠳᠠᠭ᠎ᠠ᠂ ᠵᠠᠯᠭ᠎ᠠ ᠪᠠᠷ 23 ᠡᠳᠤᠷ ᠤᠤᠭᠤᠯᠭᠠᠨ᠎ᠠ᠃      4᠂ ᠦᠭᠡᠷ ᠤᠨ ᠬᠦᠵᠡᠭᠡ ᠮᠠᠭᠤᠳᠠᠬᠤ ᠶᠢ ᠵᠠᠰᠠᠬᠤ᠄ 0.5  ᠯᠢᠲᠷ ᠼᠤᠤ᠂ 50 ᠭᠷᠠᠮ ᠵᠢᠶᠠᠨ ᠴᠢᠤᠢ ᠶᠢ ᠵᠢᠭᠳᠡ ᠬᠤᠯᠢᠭᠠᠳ 1 ᠤᠳᠠᠭ᠎ᠠ ᠳᠤ ᠴᠢᠳᠬᠤᠨ ᠤᠤᠭᠤᠯᠭᠠᠨ᠎ᠠ᠃      5᠂ ᠦᠭᠡᠷ ᠤᠨ ᠬᠦᠵᠡᠭᠡ ᠬᠦᠭᠡᠭᠡᠬᠦ ᠶᠢ ᠵᠠᠰᠠᠬᠤ᠄ 250 ᠮᠢᠯᠢᠯᠢᠲᠷ ᠼᠤᠤ᠂ 150 ᠭᠷᠠᠮ ᠰᠤᠳᠠ ᠪᠡᠯᠡᠳᠭᠡᠨ᠎ᠠ᠃ ᠦᠭᠡᠷ ᠲᠤ ᠤᠷᠢᠳᠠᠪᠡᠷ ᠰᠤᠳᠠ ᠤᠤᠭᠤᠯᠭᠠᠵᠥ᠂ 5 ᠮᠢᠨᠦ᠋ᠲ ᠤᠨ ᠳᠠᠷᠠᠭ᠎ᠠ ᠳᠠᠬᠢᠨ ᠼᠤᠤ ᠤᠤᠭᠤᠯᠭᠠᠨ᠎ᠠ᠃      6᠂ ᠮᠤᠷᠢᠨ ᠤ ᠬᠤᠳᠤᠭᠤᠳᠤ ᠬᠦᠭᠡᠭᠡᠬᠦ ᠶᠢ ᠵᠠᠰᠠᠬᠤ᠄ 250 ᠮᠢᠯᠢᠯᠢᠲᠷ ᠼᠤᠤ ᠳᠤ 60 ᠭᠷᠠᠮ ᠳᠦᠭᠦᠭᠡᠢ ᠭᠠ ᠶᠢ ᠨᠦᠳᠦᠵᠦ ᠬᠤᠯᠢᠭᠠᠳ ᠳᠠᠬᠢᠨ 30 ᠭᠷᠠᠮ ᠳᠠᠪᠤᠰᠤ ᠨᠡᠮᠡᠨ ᠤᠰᠤ ᠪᠠᠷ ᠰᠢᠩᠭᠡᠯᠡᠨ ᠵᠢᠭᠤᠷᠠᠵᠥ᠂ ᠬᠤᠳᠤᠭᠤᠳᠤ ᠪᠠᠶᠢᠴᠠᠭᠠᠬᠤ ᠭᠤᠤᠷᠰᠤ ᠪᠠᠷ ᠴᠢᠳᠬᠤᠨ ᠤᠤᠭᠤᠯᠭᠠᠨ᠎ᠠ᠃      7᠂ ᠮᠤᠷᠢᠨ ᠤ ᠤᠵᠢᠬ ᠴᠢᠨᠠᠷᠳᠠᠢ ᠰᠠᠯᠪᠤᠷᠢ ᠮᠦᠭᠡᠷᠰᠤᠨ ᠬᠤᠭᠤᠯᠠᠢ ᠶᠢᠨ ᠦᠷᠪᠢᠰᠤᠯ ᠢ ᠵᠠᠰᠠᠬᠤ᠄ 500 ᠮᠢᠯᠢᠯᠢᠲᠷ ᠼᠤᠤ᠂ 30 ᠭᠷᠠᠮ ᠰᠢᠬᠢᠷ ᠡᠪᠡᠰᠤᠨ ᠤ ᠳᠠᠯᠬ᠎ᠠ᠂ 31.5 ᠭᠷᠠᠮ ᠭᠠᠪᠤᠷ ᠤᠨ ᠳᠠᠯᠬ᠎ᠠ ᠶᠢ 500 ᠮᠢᠯᠢᠯᠢᠲᠷ ᠤᠰᠤ ᠪᠠᠷ ᠵᠢᠭᠤᠷᠠᠭᠠᠳ ᠬᠤᠳᠤᠭᠤᠳᠤ ᠪᠠᠶᠢᠴᠠᠭᠠᠬᠤ ᠭᠤᠤᠷᠰᠤ ᠪᠠᠷ ᠡᠳᠤᠷ ᠲᠤ 1 ᠤᠳᠠᠭ᠎ᠠ᠂ ᠵᠠᠯᠭ᠎ᠠ ᠪᠠᠷ 4 ᠠᠴᠠ 5 ᠤᠳᠠᠭ᠎ᠠ ᠴᠢᠳᠬᠤᠨ ᠦᠭᠭᠦᠨ᠎ᠠ᠃      8᠂ ᠬᠤᠨᠢᠨ ᠤ ᠬᠡᠪᠡᠯᠢ ᠬᠦᠭᠡᠭᠡᠬᠦ ᠶᠢ ᠵᠠᠰᠠᠬᠤ᠄ 100 ᠭᠷᠠᠮ ᠰᠠᠷᠢᠮᠰᠠᠬ ᠢ ᠬᠠᠯᠢᠰᠤᠯᠡᠨ ᠨᠦᠳᠦᠭᠡᠳ 300 - 400 ᠮᠢᠯᠢᠯᠢᠲᠷ ᠼᠤᠤ ᠨᠡᠮᠡᠵᠥ ᠤᠤᠭᠤᠯᠭᠠᠨ᠎ᠠ᠃     9᠂ ᠳᠠᠪᠤᠰᠤᠨ ᠳᠤ ᠬᠤᠤᠷᠠᠳᠠᠬᠳᠠᠬᠰᠠᠨ ᠳᠠᠬᠢᠶ᠎ᠠ ᠶᠢ ᠵᠠᠰᠠᠬᠤ᠄ 13 ᠮᠢᠯᠢᠯᠢᠲᠷ ᠼᠤᠤ ᠳᠤ ᠵᠤᠬᠢᠬᠤ ᠬᠡᠮᠵᠢᠶᠡᠨ ᠤ ᠤᠰᠤ ᠨᠡᠮᠡᠭᠡᠳ 1 ᠤᠳᠠᠭ᠎ᠠ ᠳᠤ ᠤᠤᠭᠤᠯᠭᠠᠨ᠎ᠠ᠃     10᠂ ᠳᠠᠬᠢᠶᠠᠨ ᠴᠤᠷᠪᠠᠭ᠎ᠠ ᠶᠢᠨ ᠴᠠᠭᠠᠨ ᠴᠢᠴᠠᠭ᠎ᠠ ᠶᠢ ᠰᠡᠷᠬᠡᠶᠢᠯᠡᠬᠦ᠄ ᠨᠠᠷᠢᠮᠤ ᠶᠢ ᠼᠤᠤ ᠳᠤ ᠳᠡᠪᠳᠤᠭᠡᠭᠡᠳ ᠴᠤᠷᠪᠠᠭ᠎ᠠ ᠳᠤ ᠡᠳᠤᠷ ᠪᠦᠷᠢ 1 ᠤᠳᠠᠭ᠎ᠠ᠂ ᠵᠠᠯᠭ᠎ᠠ ᠪᠠᠷ 1 ᠭᠠᠷᠠᠬ ᠳᠡᠵᠢᠭᠡᠨ᠎ᠠ᠃     11᠂ ᠭᠡᠷ ᠤᠨ ᠳᠠᠤᠯᠠᠢ ᠶᠢᠨ ᠬᠤᠳᠤᠭᠤᠳᠤ ᠭᠡᠳᠡᠰᠤ ᠭᠦᠭᠡᠭᠡᠬᠦ ᠶᠢ ᠵᠠᠰᠠᠬᠤ᠄ 6 ᠭᠷᠠᠮ ᠰᠠᠷᠢᠮᠰᠠᠬ ᠢ ᠬᠠᠯᠢᠰᠤᠯᠡᠨ ᠨᠦᠳᠦᠭᠡᠳ 15- 30 ᠮᠢᠯᠢᠯᠢᠲᠷ ᠼᠤᠤ ᠬᠤᠯᠢᠬᠰᠠᠨ ᠤ ᠳᠠᠷᠠᠭ᠎ᠠ 1 ᠤᠳᠠᠭ᠎ᠠ ᠳᠤ ᠴᠢᠳᠬᠤᠨ ᠦᠭᠭᠦᠨ᠎ᠠ᠃    12᠂ ᠳᠠᠤᠯᠠᠢ ᠶᠢᠨ ᠬᠠᠯᠳᠠᠪᠤᠷᠢᠳᠤ ᠠᠮᠠᠨ ᠭᠦᠨᠳᠡᠢ ᠶᠢᠨ ᠦᠷᠪᠢᠰᠤᠯ ᠢ ᠵᠠᠰᠠᠬᠤ᠄ 9 ᠬᠤᠪᠢ ᠼᠤᠤ᠂ 1 ᠬᠤᠪᠢ ᠳᠠᠪᠤᠰᠤ ᠶᠢ ᠬᠤᠯᠢᠬᠰᠠᠨ ᠤ ᠰᠡᠭᠦᠯᠡᠷ ᠦᠷᠪᠢᠰᠦᠭᠰᠡᠨ ᠬᠡᠰᠡᠭ ᠲᠤᠨᠢ ᠡᠳᠤᠷ ᠪᠦᠷᠢ ᠡᠷᠳᠡ ᠣᠷᠤᠢ 1 ᠤᠳᠠᠭ᠎ᠠ ᠳᠦᠷᠬᠢᠵᠥ ᠦᠭᠭᠦᠨ᠎ᠠ᠃      13᠂ ᠭᠠᠭ᠋ᠠᠢ ᠦᠭᠡᠷ ᠤᠨ ᠨᠠᠮᠤᠰᠤ ᠶᠢ ᠵᠠᠰᠠᠬᠤ᠄ ᠼᠤᠤ ᠶᠢ ᠳᠦᠭᠦᠭᠡᠢ ᠴᠤᠬᠤᠢ ᠲᠠᠢ ᠵᠢᠭᠳᠡ ᠬᠤᠯᠢᠵᠥ ᠬᠠᠳᠠᠭᠠᠭᠠᠳ ᠰᠢᠷᠬᠠᠨ ᠳᠡᠭᠡᠷ᠎ᠠ ᠨᠢ ᠳᠦᠷᠬᠢᠨ᠎ᠠ᠃ ᠡᠳᠤᠷ ᠲᠤ 1 ᠤᠳᠠᠭ᠎ᠠ᠂ ᠵᠠᠯᠭᠠᠭᠠᠪᠡᠷ ᠬᠡᠳᠤ ᠤᠳᠠᠭ᠎ᠠ ᠳᠦᠷᠬᠢᠪᠡᠯ ᠡᠳᠡᠭᠡᠷᠡᠴᠢᠭᠡᠨ᠎ᠠ᠃      14᠂ ᠭᠠᠭ᠋ᠠᠢ ᠶᠢᠨ ᠴᠢᠴᠠᠭ᠎ᠠ ᠠᠯᠳᠠᠬᠤ ᠶᠢ ᠵᠠᠰᠠᠬᠤ᠄ 50 ᠮᠢᠯᠢᠯᠢᠲᠷ ᠼᠤᠤ᠂ 1 ᠦᠨᠳᠡᠭᠡᠨ ᠴᠠᠭᠠᠨ᠂ 15 ᠭᠷᠠᠮ ᠨᠦᠳᠦᠭᠰᠡᠨ ᠦᠷᠭᠡᠰᠤᠳᠤ ᠬᠡᠮᠭᠡ ᠶᠢᠨ ᠨᠠᠪᠴᠢ ᠶᠢ ᠵᠢᠭᠳᠡ ᠬᠤᠯᠢᠵᠥ᠂ ᠡᠳᠤᠷ ᠲᠤ 1 ᠤᠳᠠᠭ᠎ᠠ᠂ ᠵᠠᠯᠭ᠎ᠠ ᠪᠠᠷ 3 ᠡᠳᠤᠷ ᠳᠡᠵᠢᠭᠡᠨ᠎ᠠ᠃  
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ