ᠰᠠᠭᠠᠭ ᠤᠨ ᠤᠨᠠᠯᠳᠠ ᠶᠢ ᠨᠦᠯᠦᠬᠡᠯᠡᠬᠦ ᠭᠤᠤᠯ ᠬᠦᠴᠦᠨ ᠵᠦᠢᠯ ᠪᠤᠯ ᠰᠠᠭᠠᠭ ᠤᠨ ᠴᠡᠴᠡᠭᠯᠡᠬᠦ ᠬᠤᠭᠤᠴᠠᠭᠠᠨ ᠳᠠᠬᠢ ᠠᠭᠤᠷ ᠠᠮᠢᠰᠬᠤᠯ ᠤᠨ ᠨᠦᠬᠦᠴᠡᠯ ᠤᠨ | ᠬᠤᠪᠢᠷᠠᠯᠳᠠ᠂ ᠲᠤᠭᠤᠰᠤ ᠲᠠᠮᠵᠢᠭᠤᠯᠬᠤ ᠨᠤᠷᠮ᠎ᠠ ᠳᠤ ᠪᠤᠢ᠃ | ᠨᠢᠬᠡ᠂ ᠰᠠᠭᠠᠭ ᠢ ᠲᠠᠷᠢᠵᠤ ᠠᠷᠠᠴᠢᠯᠠᠬᠤ ᠳᠤ ᠠᠭᠤᠷ ᠠᠮᠢᠰᠬᠤᠯ ᠪᠠ ᠬᠦᠷᠦᠰᠦ ᠰᠢᠷᠤᠢ ᠶᠢᠨ ᠨᠦᠬᠦᠴᠡᠯ᠃ ᠶᠡᠷᠦ ᠶᠢᠨ ᠪᠠᠶᠢᠳᠠᠯ ᠳᠤ ᠰᠠᠭᠠᠭ ᠲᠠᠷᠢᠭᠰᠠᠨ ᠤ | ᠲᠠᠷᠠᠭ᠎ᠠ ᠲᠤᠯᠠᠭᠠᠨ ᠤ ᠬᠡᠮᠵᠢᠶ᠎ᠡ 15 — 16 ᠭᠷᠠᠳᠦ᠋ᠰ ᠪᠠᠶᠢᠪᠠᠯ ᠬᠠᠮᠤᠭ ᠲᠤᠬᠢᠷᠠᠮᠵᠢᠳᠠᠢ ᠶᠤᠮ᠃ ᠴᠡᠴᠡᠭᠯᠡᠬᠦ ᠬᠤᠭᠤᠴᠠᠭᠠᠨ ᠳᠠᠬᠢ ᠡᠬᠢᠨ ᠤ 10 ᠡᠳᠦᠷ ᠲᠤ | ᠬᠡᠷᠪᠡ ᠲᠤᠤᠷ᠎ᠠ ᠲᠤᠯᠠᠭᠠᠨ ᠬᠠᠷᠭᠤᠪᠠᠯ ᠰᠠᠭᠠᠭ ᠤᠨ ᠦᠷᠡᠯᠡᠬᠦ ᠳᠤ ᠮᠠᠭᠤ ᠨᠦᠯᠦᠬᠡ ᠦᠭᠬᠦ ᠪᠤᠯᠤᠨ᠎ᠠ᠃ ᠰᠠᠭᠠᠭ ᠪᠤᠯ ᠴᠢᠬᠢᠭ ᠤᠨ ᠬᠡᠮᠵᠢᠶ᠎ᠡ ᠳᠤ ᠴᠤ ᠮᠠᠰᠢ ᠦᠨᠳᠦᠷ | ᠱᠠᠭᠠᠷᠳᠠᠯᠭ᠎ᠠ ᠲᠠᠢ ᠪᠠᠶᠢᠳᠠᠭ᠃ ᠲᠠᠷᠢᠭᠰᠠᠨ ᠤ ᠲᠠᠷᠠᠭᠠᠬᠢ ᠡᠬᠢᠨ ᠤ 10 ᠡᠳᠦᠷ ᠲᠤ ᠬᠠᠮᠤᠭ ᠲᠤᠬᠢᠷᠠᠮᠵᠢᠳᠠᠢ ᠪᠤᠷᠤᠭᠠᠨ ᠤ ᠬᠡᠮᠵᠢᠶ᠎ᠡ ᠪᠤᠯ 70mm ᠪᠠᠶᠢᠳᠠᠭ᠃ | ᠰᠠᠭᠠᠭ ᠤᠨ ᠤᠨᠠᠯᠳᠠ ᠨᠢ ᠬᠦᠷᠦᠰᠦ ᠰᠢᠷᠤᠢ ᠶᠢᠨ ᠨᠦᠬᠦᠴᠡᠯ ᠲᠠᠢ ᠨᠢᠭᠳᠠ ᠬᠠᠷᠢᠴᠠᠭ᠎ᠠ ᠲᠠᠢ᠃ ᠡᠯᠡᠰᠦᠷᠭᠡᠭ ᠬᠦᠷᠦᠰᠦᠨ ᠳᠤ ᠲᠠᠷᠢᠪᠠᠯ ᠨᠢᠭᠳᠠ ᠶᠢᠨ ᠬᠡᠮᠵᠢᠶ᠎ᠡ ᠨᠢ | ᠲᠤᠮᠳᠠ ᠲᠦᠯᠦᠪ ᠲᠠᠢ᠂ ᠲᠠᠴᠢᠷ ᠨᠢᠮᠬᠡᠨ ᠬᠦᠷᠦᠰᠦᠨ ᠳᠤ ᠲᠠᠷᠢᠪᠠᠯ ᠤᠨᠠᠯᠳᠠ ᠨᠢ ᠲᠤᠤᠷ᠎ᠠ ᠪᠤᠶᠤ ᠡᠰᠡᠬᠦᠯ᠎ᠡ ᠮᠦᠬᠦᠯᠢᠭ ᠠᠮᠤ ᠤᠯᠬᠤ ᠦᠬᠡᠢ ᠪᠤᠯᠬᠤ ᠪᠤᠯᠤᠯᠴᠠᠭ᠎ᠠ | ᠲᠠᠢ᠃ | ᠬᠤᠶᠠᠷ᠂ ᠰᠠᠭᠠᠭ ᠤᠨ ᠤᠷᠭᠤᠯᠳᠠ ᠶᠢᠨ ᠨᠦᠬᠦᠴᠡᠯ ᠤᠨ ᠱᠠᠭᠠᠷᠳᠠᠯᠭ᠎ᠠ᠃ ᠬᠡᠷᠡᠯ ᠤᠨ ᠲᠤᠰᠤᠯᠳᠠ ᠨᠠᠷᠠᠨ ᠤ ᠲᠤᠰᠤᠯᠳᠠ ᠨᠢ ᠰᠠᠭᠠᠭ ᠤᠨ ᠤᠷᠭᠤᠵᠤ | ᠪᠤᠯᠪᠠᠰᠤᠷᠠᠬᠤ ᠳᠤ ᠵᠤᠬᠢᠬᠤ ᠬᠡᠮᠵᠢᠶᠡᠨ ᠤ ᠨᠦᠯᠦᠬᠡ ᠲᠠᠢ᠃ ᠰᠠᠭᠠᠭ ᠪᠤᠯ ᠤᠬᠤᠷ ᠬᠡᠷᠡᠯᠰᠡᠭ ᠤᠷᠭᠤᠮᠠᠯ ᠶᠤᠮ᠃ ᠡᠩ ᠤᠨ ᠰᠠᠭᠠᠭ ᠨᠢ ᠨᠡᠷᠡᠨ ᠤ ᠬᠡᠷᠡᠯ ᠳᠤ ᠰᠡᠷᠭᠡᠭ | ᠪᠠᠶᠢᠳᠠᠭ᠃ ᠭᠠᠰᠢᠭᠤᠨ ᠰᠠᠭᠠᠭ ᠨᠠᠷᠠᠨ ᠤ ᠬᠡᠷᠡᠯ ᠳᠤ ᠴᠢᠩᠭ᠎ᠠ ᠱᠠᠭᠠᠷᠳᠠᠯᠭ᠎ᠠ ᠦᠬᠡᠢ᠃ ᠠᠳᠠᠯᠢ ᠨᠢᠬᠡᠨ ᠲᠦᠷᠦᠯ ᠤᠨ ᠰᠠᠭᠠᠭ ᠢ ᠬᠠᠪᠤᠷ ᠲᠠᠷᠢᠪᠠᠯ ᠴᠡᠴᠡᠭᠯᠡᠬᠦ ᠨᠢ | ᠤᠷᠦ᠋ᠢᠳᠠᠵᠤ ᠤᠷᠭᠤᠯᠳᠠ ᠶᠢᠨ ᠬᠤᠭᠤᠴᠠᠭ᠎ᠠ ᠨᠢ ᠤᠷᠳᠤ ᠪᠤᠯᠳᠠᠭ᠃ ᠵᠤᠨ ᠨᠠᠮᠤᠷ ᠲᠠᠷᠢᠪᠠᠯ ᠴᠡᠴᠡᠭᠯᠡᠬᠦ ᠨᠢ ᠡᠷᠳᠡ᠂ ᠤᠷᠭᠤᠯᠳᠠ ᠶᠢᠨ ᠬᠤᠭᠤᠴᠠᠭ᠎ᠠ ᠨᠢ ᠤᠬᠤᠷ | ᠪᠤᠯᠳᠠᠭ᠃ ᠴᠡᠴᠡᠭᠯᠡᠬᠦ ᠦᠷᠡᠯᠡᠬᠦ ᠬᠤᠭᠤᠴᠠᠭᠠᠨ ᠳᠤ ᠬᠡᠷᠡᠯ ᠤᠨ ᠲᠤᠰᠤᠯᠳᠠ ᠬᠦᠢᠴᠡᠳ ᠦᠬᠡᠢ ᠴᠡᠴᠡᠭ ᠵᠢᠮᠢᠰ ᠨᠢ ᠤᠨᠠᠵᠤ ᠦᠷᠡᠯᠡᠬᠦ ᠨᠤᠷᠮ᠎ᠠ ᠨᠢ ᠲᠤᠷᠤᠭᠰᠢᠯᠠᠨ | ᠬᠤᠷᠢᠶᠠᠯᠳᠠ ᠬᠠᠰᠤᠭᠳᠠᠨ᠎ᠠ᠃ ᠬᠤᠯᠪᠤᠭᠳᠠᠯ ᠪᠦᠬᠦᠢ ᠲᠤᠷᠰᠢᠯᠳᠠ ᠶᠢ ᠦᠨᠳᠦᠰᠦᠯᠡᠪᠡᠯ᠂ ᠭᠠᠰᠢᠭᠤᠨ ᠰᠠᠭᠠᠭ ᠨᠢ 7 — 8 ᠭᠷᠠᠳᠦ᠋ᠰ ᠤᠨ ᠦᠶ᠎ᠡ ᠳᠤ | ᠰᠤᠶᠤᠭᠠᠯᠠᠵᠤ᠂ 12 ᠭᠷᠠᠳᠦ᠋ᠰ ᠠᠴᠠ ᠲᠡᠭᠡᠭᠰᠢ ᠪᠤᠯᠬᠤ ᠦᠶ᠎ᠡ ᠳᠤ ᠴᠢᠬᠢᠯᠡᠬᠦ ᠨᠤᠷᠮ᠎ᠠ ᠨᠢ 90% ᠠᠴᠠ ᠲᠡᠭᠡᠭᠰᠢ ᠪᠠᠶᠢᠳᠠᠭ᠃ ᠬᠡᠳᠡᠯ᠎ᠡ ᠡᠩ ᠤᠨ ᠰᠠᠭᠠᠭ ᠤᠨ | ᠰᠤᠶᠤᠭᠠᠯᠠᠬᠤ ᠪᠠ ᠴᠢᠬᠢᠯᠡᠬᠦ ᠳᠤ ᠲᠤᠯᠠᠭᠠᠨ ᠤ ᠱᠠᠭᠠᠷᠳᠠᠯᠭ᠎ᠠ ᠨᠢ ᠭᠠᠰᠢᠭᠤᠨ ᠰᠠᠭᠠᠭ ᠠᠴᠠ ᠦᠨᠳᠦᠷ᠂ 10 ᠭᠷᠠᠳᠦ᠋ᠰ ᠤᠨ ᠦᠶ᠎ᠡ ᠳᠤ ᠦᠷ᠎ᠡ ᠨᠢ ᠰᠣᠶᠣᠭᠠᠯᠠᠵᠤ᠂ | 14 ᠭᠷᠠᠳᠦ᠋ᠰ ᠬᠦᠷᠬᠦ ᠦᠶ᠎ᠡ ᠳᠤ ᠴᠢᠬᠢᠯᠡᠬᠦ ᠨᠤᠷᠮ᠎ᠠ ᠨᠢ 90% ᠠᠴᠠ ᠲᠡᠭᠡᠭᠰᠢ ᠪᠤᠯᠳᠠᠭ᠃ | |