ᠦᠨᠢᠶ᠎ᠡ ᠶᠢᠨ ᠰᠢᠮ᠎ᠡ ᠲᠡᠵᠢᠭᠡᠯ ᠢ ᠡᠵᠡᠮᠰᠢᠬᠦ ᠨᠢ ᠦᠷᠡᠵᠢᠯ ᠳᠤ ᠬᠠᠪᠰᠤᠷᠤᠮᠵᠢ ᠶᠢᠨ ᠦᠢᠯᠡᠳᠦᠯ ᠦᠵᠡᠭᠦᠯᠵᠦ᠂ ᠬᠡᠲᠦᠷᠭᠡᠢ ᠲᠠᠷᠭᠤᠨ ᠪᠠᠶᠢᠬᠤ ᠪᠠ ᠰᠢᠮ᠎ᠡ | ᠲᠡᠵᠢᠭᠡᠯ ᠮᠠᠭᠤ ᠪᠠᠶᠢᠬᠤ ᠨᠢ ᠪᠦᠷ ᠦᠷᠡᠵᠢᠯ ᠢ ᠨᠦᠯᠦᠭᠡᠯᠡᠨ᠎ᠡ᠃ ᠲᠡᠵᠢᠭᠡᠨ ᠦᠷᠡᠵᠢᠭᠦᠯᠬᠦ ᠡᠷᠦᠬᠡ ᠨᠢ ᠡᠷᠬᠡᠪᠰᠢ ᠦᠨᠢᠶ᠎ᠡ ᠶᠢᠨ ᠲᠠᠷᠭᠤ ᠶᠢ ᠡᠵᠡᠮᠰᠢᠬᠦ ᠶᠢ ᠠᠩᠬᠠᠷᠴᠤ᠂ | ᠦᠷᠡᠵᠢᠯ ᠢ ᠨᠥᠯᠥᠭᠡᠯᠡᠬᠦ ᠠᠴᠠ ᠰᠡᠷᠭᠡᠶᠢᠯᠡᠨ᠎ᠡ᠃ | ᠰᠢᠮ᠎ᠡ ᠲᠡᠵᠢᠭᠡᠯ ᠨᠢ ᠢᠯᠡᠭᠦᠳᠡᠪᠡᠯ᠂ ᠦᠷᠡᠵᠢᠯ ᠤᠨ ᠦᠨᠢᠶ᠎ᠡ ᠨᠢ ᠠᠮᠠᠷᠬᠠᠨ ᠲᠠᠷᠭᠤᠯᠠᠵᠤ᠂ ᠪᠡᠷᠬᠡ ᠲᠤᠭᠤᠯᠯᠠᠬᠤ ᠪᠣᠯᠣᠨ᠎ᠠ᠃ | ᠰᠢᠮ᠎ᠡ ᠲᠡᠵᠢᠭᠡᠯ ᠨᠢ ᠬᠦᠷᠦᠯᠴᠡᠬᠦ ᠦᠭᠡᠢ ᠪᠣᠯ ᠡᠴᠡᠵᠦ ᠲᠤᠷᠠᠭᠠᠳ᠂ ᠤᠷᠤᠭ᠎ᠠ ᠤᠷᠤᠬᠤ ᠦᠭᠡᠢ ᠪᠤᠶᠤ ᠬᠡᠭᠡᠯᠳᠦᠭᠰᠡᠨ ᠤ ᠳᠠᠷᠠᠭ᠎ᠠ ᠬᠡᠭᠡᠯ ᠲᠠᠰᠤᠷᠠᠬᠤ ᠪᠤᠯᠤᠨ᠎ᠠ︔ | ᠲᠠᠷᠭᠤ ᠶᠢᠨ ᠪᠠᠶᠢᠳᠠᠯ ᠮᠠᠭᠤ ᠦᠨᠢᠶ᠎ᠡ ᠶᠢᠨ ᠲᠤᠭᠤᠯᠯᠠᠭᠰᠠᠨ ᠲᠤᠭᠤᠯ ᠨᠢ ᠲᠠᠮᠢᠷ ᠦᠭᠡᠢ᠂ ᠪᠡᠶ᠎ᠡ ᠶᠢᠨ ᠬᠦᠨᠳᠦ ᠨᠢ ᠳᠤᠤᠷ᠎ᠠ ᠪᠠᠶᠢᠳᠠᠭ᠃ | ᠡᠨᠧᠷᠬᠢ ᠰᠢᠮ᠎ᠡ ᠲᠡᠵᠢᠭᠡᠯ ᠤᠨ ᠬᠠᠩᠭᠠᠯᠭ᠎ᠠ ᠬᠦᠷᠦᠯᠴᠡᠬᠦ ᠦᠭᠡᠢ ᠪᠣᠯ ᠦᠨᠢᠶ᠎ᠡ ᠨᠢ ᠭᠡᠭᠡᠯ ᠲᠣᠬᠲᠠᠵᠦ ᠲᠤᠭᠤᠯᠯᠠᠭᠰᠠᠨ ᠤ ᠰᠡᠭᠦᠯᠡᠷ ᠲᠠᠬᠢᠨ ᠬᠡᠭᠡᠯᠲᠦᠭᠦᠯᠬᠦ ᠶᠢ | ᠶᠡᠭᠡᠪᠡᠷ ᠨᠦᠯᠦᠭᠡᠯᠡᠬᠦ ᠪᠤᠯᠤᠨ᠎ᠠ᠂ ᠢᠯᠡᠷᠡᠯ ᠨᠢ ᠤᠷᠤᠭ᠎ᠠ ᠤᠷᠤᠬᠤ ᠦᠭᠡᠢ ᠪᠤᠶᠤ ᠬᠡᠭᠡᠯᠲᠦᠭᠦᠯᠦᠭᠰᠡᠨ ᠤ ᠳᠠᠷᠠᠭ᠎ᠠ ᠬᠡᠭᠡᠯ ᠲᠣᠭᠲᠠᠬᠤ ᠦᠭᠡᠢ ᠪᠣᠯᠣᠨ᠎ᠠ᠃ ᠦᠨᠢᠶ᠎ᠡ ᠨᠢ | ᠬᠡᠭᠡᠯ ᠤᠨ ᠬᠤᠭᠤᠴᠠᠭᠠᠨ ᠳᠤ ᠤᠭᠤᠷᠠᠭ ᠰᠢᠮ᠎ᠡ ᠲᠡᠵᠢᠭᠡᠯ ᠤᠨ ᠬᠡᠮᠵᠢᠶ᠎ᠡ ᠨᠢ ᠬᠡᠲᠦᠷᠭᠡᠢ ᠳᠣᠣᠷ᠎ᠠ ᠪᠣᠯ ᠦᠷᠡᠵᠢᠯᠲᠠ ᠶᠢᠨ ᠨᠤᠷᠮ᠎ᠠ ᠨᠢ ᠳᠤᠷᠤᠭᠰᠢᠯᠠᠬᠤ ᠪᠤᠶᠤ | ᠡᠰᠡᠭᠦᠯ᠎ᠠ ᠲᠤᠭᠤᠯᠯᠠᠭᠰᠠᠨ ᠲᠤᠭᠤᠯ ᠤᠨ ᠪᠡᠶ᠎ᠡ ᠶᠢᠨ ᠬᠦᠨᠳᠦ ᠨᠢ ᠳᠤᠤᠷ᠎ᠠ᠂ ᠡᠰᠡᠭᠦᠯ᠎ᠠ ᠲᠤᠭᠤᠯᠯᠠᠭᠰᠠᠨ ᠤ ᠳᠠᠷᠠᠭ᠎ᠠ ᠦᠨᠢᠶ᠎ᠡ ᠨᠢ ᠤᠷᠳᠤ ᠬᠤᠭᠤᠴᠠᠭ᠎ᠠ ᠤᠷᠤᠭ᠎ᠠ | ᠤᠷᠤᠬᠤ ᠦᠭᠡᠢ ᠪᠣᠯᠳᠠᠭ᠃ | ᠪᠢᠴᠢᠯ ᠡᠯᠧᠮᠧᠨ᠋ᠲ ᠢᠤᠳ᠋ ᠳᠤᠲᠠᠭᠳᠠᠪᠠᠯ ᠦᠷᠡᠵᠢᠯ ᠤᠨ ᠰᠠᠭᠠᠳ ᠢ ᠡᠭᠦᠰᠭᠡᠵᠦ᠂ ᠪᠠᠭᠤᠷᠠᠢ ᠲᠤᠭᠤᠯ ᠲᠤᠭᠤᠯᠯᠠᠬᠤ᠂ ᠬᠦᠪᠦᠷᠡᠯ ᠦᠬᠦᠬᠦ ᠪᠤᠶᠤ ᠲᠤᠭᠤᠯ ᠤᠨ | ᠬᠦᠵᠦᠭᠦᠦ ᠨᠢ ᠬᠠᠪᠤᠳᠤᠨ ᠲᠤᠮᠤᠷᠠᠬᠤ ︵ᠪᠠᠮᠪᠠᠢ ᠪᠤᠯᠴᠢᠷᠬᠠᠢ ᠨᠢ ᠬᠠᠪᠤᠳᠬᠤ︶ ᠪᠣᠯᠣᠨ᠎ᠠ᠃ ᠬᠡᠭᠡᠯ ᠲᠠᠢ ᠦᠨᠢᠶ᠎ᠡ ᠶᠢᠨ ᠰᠢᠮ᠎ᠡ ᠲᠡᠵᠢᠭᠡᠯ ᠳᠤ ᠸᠢᠲ᠋ᠠᠮᠢᠨ A | ᠳᠤᠲᠠᠭᠳᠠᠪᠠᠯ᠂ ᠪᠠᠭᠤᠷᠠᠢ ᠲᠤᠭᠤᠯ ᠪᠠ ᠵᠡᠷᠡᠮᠳᠡᠭ ᠲᠤᠭᠤᠯ ᠲᠤᠭᠤᠯᠯᠠᠵᠤ᠂ ᠬᠠᠷᠠᠭ᠎ᠠ ᠮᠠᠭᠤᠲᠠᠬᠤ ᠪᠤᠶᠤ ᠨᠢᠯᠬ᠎ᠠ ᠲᠤᠭᠤᠯ ᠦᠬᠦᠬᠦ ᠪᠠᠶᠢᠳᠠᠯ ᠢᠯᠡᠷᠡᠨ᠎ᠡ᠃ | |