ᠨᠢᠯᠬ᠎ᠠ ᠬᠤᠷᠠᠭᠠᠨ ᠤ ᠰᠢᠩᠭᠡᠭᠡᠯᠳᠡ ᠶᠢᠨ ᠴᠢᠳᠠᠪᠤᠷᠢ ᠶᠢ ᠰᠠᠶᠢᠵᠢᠷᠠᠭᠤᠯᠬᠤ ᠠᠷᠭ᠎ᠠ
ᠨᠡᠶᠢᠲᠡᠯᠡᠭᠰᠡᠨ ᠴᠠᠭ᠄
2022/7/7
     ᠰᠢᠩᠭᠡᠭᠡᠯᠳᠡ ᠶᠢᠨ ᠴᠢᠳᠠᠪᠤᠷᠢ ᠳᠣᠷᠤᠢ ᠪᠠᠶᠢᠳᠠᠭ ᠪᠣᠯ ᠬᠦᠬᠦᠯᠲᠡ ᠶᠢᠨ ᠬᠤᠭᠤᠴᠠᠭᠠᠨ ᠤ ᠨᠢᠯᠬ᠎ᠠ ᠬᠤᠷᠠᠭᠠᠨ ᠳᠤ ᠦᠷᠭᠦᠯᠵᠢ ᠲᠣᠬᠢᠶᠠᠯᠳᠠᠳᠠᠭ ᠦᠵᠡᠭᠳᠡᠯ ᠪᠣᠯᠬᠤ ᠶᠤᠮ᠃ ᠡᠨᠡ ᠨᠢ ᠭᠤᠣᠯᠳᠠᠭᠤ ᠬᠤᠷᠠᠭᠠᠨ ᠤ ᠭᠡᠳᠡᠰᠦ ᠬᠤᠳᠤᠭᠤᠳᠤᠨ ᠤ ᠰᠢᠰᠲ᠋ᠧᠮ ᠡᠮᠬᠢ ᠵᠠᠮᠪᠠᠷᠠᠭ᠎ᠠ ᠪᠠᠨ ᠠᠯᠳᠠᠭᠰᠠᠨ ᠠᠴᠠ ᠡᠭᠦᠰᠦᠭᠰᠡᠨ ᠦᠵᠡᠭᠳᠡᠯ ᠪᠣᠯᠬᠤ ᠪᠦᠭᠡᠳ ᠴᠢᠴᠠᠭ᠎ᠠ ᠠᠯᠳᠠᠬᠤ᠂ ᠡᠴᠡᠵᠦ ᠲᠤᠷᠠᠬᠤ ᠵᠡᠷᠭᠡ ᠢᠯᠡᠷᠡᠯ ᠲᠠᠢ ᠪᠠᠶᠢᠳᠠᠭ᠃      ᠨᠢᠭᠡ᠂ ᠬᠤᠷᠠᠭᠠᠨ ᠤ ᠰᠢᠩᠭᠡᠭᠡᠯᠳᠡ ᠶᠢᠨ ᠰᠢᠰᠲ᠋ᠧᠮ ᠳᠣᠷᠤᠢ ᠪᠠᠶᠢᠳᠠᠭ ᠤᠨ ᠰᠢᠯᠲᠠᠭᠠᠨ     1᠂ ᠡᠬᠡ ᠮᠠᠯ ᠨᠢ ᠬᠡᠭᠡᠯ ᠲᠠᠢ ᠬᠤᠭᠤᠴᠠᠭᠠᠨ ᠳ᠋ᠠ ᠪᠠᠨ ᠤᠭᠤᠷᠠᠭ᠂ ᠡᠷᠦᠳᠡᠰᠦ᠂ ᠸᠢᠲ᠋ᠠᠮᠢᠨ ᠵᠡᠷᠭᠡ ᠰᠢᠮ᠎ᠡ ᠲᠡᠵᠢᠭᠡᠯ ᠳᠤᠲᠠᠭᠳᠠᠯ ᠬᠡᠪᠡᠯᠢ ᠳᠠᠬᠢ ᠬᠤᠷᠠᠭᠠᠨ ᠤ ᠦᠰᠦᠯᠲᠡ ᠶᠢ ᠨᠦᠯᠦᠭᠡᠯᠡᠬᠦ ᠪᠠᠷ ᠪᠠᠷᠠᠬᠤ ᠦᠭᠡᠢ᠂ ᠰᠦᠨ ᠤ ᠪᠠᠭᠤᠯᠲᠠ ᠶᠢ ᠴᠤ ᠨᠥᠯᠦᠭᠡᠯᠡᠵᠤ᠂ ᠬᠤᠷᠠᠭᠠᠨ ᠤ ᠰᠢᠩᠭᠡᠯᠲᠡ ᠶᠢᠨ ᠰᠢᠰᠲ᠋ᠧᠮ ᠤᠨ ᠡᠮᠬᠢ ᠵᠠᠮᠪᠠᠷᠠᠭ᠎ᠠ ᠶᠢ ᠠᠯᠳᠠᠭᠤᠯᠳᠠᠭ ᠪᠠᠶᠢᠨ᠎ᠠ᠃      2᠂ ᠡᠬᠡ ᠮᠠᠯ ᠪᠠ ᠨᠢᠯᠬ᠎ᠠ ᠬᠤᠷᠠᠭ᠎ᠠ ᠶᠢ ᠲᠡᠵᠢᠭᠡᠵᠦ ᠠᠷᠠᠴᠢᠯᠠᠬᠤ ᠲᠠᠯ᠎ᠠ ᠪᠠᠷ ᠴᠠᠭ᠂ ᠬᠡᠮᠵᠢᠶ᠎ᠡ ᠳᠤᠯᠠᠭᠠᠨ ᠵᠡᠷᠭᠡ ᠶᠢ ᠵᠣᠬᠢᠰᠲᠠᠢ ᠲᠣᠬᠢᠷᠠᠭᠤᠯᠬᠤ ᠦᠭᠡᠢ ᠪᠣᠯ ᠪᠠᠰᠠ ᠬᠤᠷᠠᠭᠠᠨ ᠤ ᠰᠢᠩᠭᠡᠯᠲᠡ ᠶᠢ ᠳᠣᠷᠦ᠋ᠢᠲᠠᠭᠤᠯᠳᠠᠭ᠃      ᠬᠤᠶᠠᠷ᠂ ᠬᠤᠷᠠᠭᠠᠨ ᠤ ᠰᠢᠩᠭᠡᠭᠡᠯᠳᠡ ᠶᠢᠨ ᠴᠢᠳᠠᠪᠤᠷᠢ ᠳᠣᠷᠦ᠋ᠢᠲᠠᠭᠰᠠᠨ ᠤ ᠢᠯᠡᠷᠡᠯ       1᠂ ᠡᠩ ᠤᠨ ᠴᠢᠨᠠᠷᠲᠠᠢ ᠰᠢᠩᠭᠡᠭᠡᠯᠳᠡ ᠶᠢᠨ ᠴᠢᠳᠠᠪᠤᠷᠢ ᠮᠠᠭᠤᠲᠠᠬᠤ᠃ ᠬᠤᠷᠠᠭᠠᠨ ᠤ ᠪᠡᠶ᠎ᠡ ᠶᠢᠨ ᠳᠤᠯᠠᠭᠠᠨ ᠪᠠᠭ᠎ᠠ ᠳᠤᠤᠷ᠎ᠠ ᠪᠤᠶᠤ ᠬᠡᠪ ᠤᠨ ᠪᠠᠶᠢᠳᠠᠯ ᠳᠤ ᠪᠠᠶᠢᠵᠤ᠂ ᠪᠠᠭ᠎ᠠ ᠬᠡᠮᠵᠢᠶ᠎ᠡ ᠪᠠᠷ ᠴᠢᠴᠠᠭ᠎ᠠ ᠠᠯᠳᠠᠬᠤ ᠦᠵᠡᠭᠳᠡᠯ ᠢᠯᠡᠷᠡᠵᠤ᠂ ᠪᠠᠭᠠᠰᠤᠨ ᠤ ᠥᠩᠭᠡ ᠨᠢ ᠬᠦᠷᠡᠩ ᠰᠢᠷ᠎ᠠ ᠠᠴᠠ ᠬᠦᠷᠡᠩ ᠨᠣᠭᠤᠭᠠᠨ ᠪᠣᠯᠵᠤ ᠬᠤᠪᠢᠷᠠᠨ᠎ᠠ ᠃ ᠭᠡᠳᠡᠰᠦ ᠨᠢ ᠲᠤᠤᠭᠠᠷᠬᠤ ᠡᠪᠡᠳᠬᠦ ᠵᠡᠷᠭᠡ ᠢᠯᠡᠷᠡᠯ ᠡᠭᠦᠰᠴᠦ᠂ ᠰᠤᠳᠠᠯ ᠤᠨ ᠯᠤᠭᠰᠢᠯᠲᠠ ᠪᠠ ᠠᠮᠢᠰᠬᠤᠬᠤ ᠲᠤᠭ᠎ᠠ ᠦᠨᠳᠦᠷᠵᠢᠵᠤ᠂ ᠦᠰᠦ ᠨᠢ ᠪᠤᠷᠵᠢᠢᠨ ᠭᠢᠯᠪᠠᠭ᠎ᠠ ᠪᠠᠨ ᠠᠯᠳᠠᠵᠤ᠂ ᠡᠪᠡᠳᠴᠢᠨ ᠨᠢ ᠬᠦᠨᠳᠦᠷᠡᠪᠡᠯ ᠪᠦᠬᠦ ᠪᠡᠶ᠎ᠡ ᠨᠢ ᠴᠡᠴᠡᠷᠡᠬᠦ ᠦᠵᠡᠭᠳᠡᠯ ᠢᠯᠡᠷᠡᠵᠦ᠂ ᠨᠢᠯᠬ᠎ᠠ ᠬᠤᠷᠠᠭ᠎ᠠ ᠵᠣᠭᠰᠤᠵᠤ ᠴᠢᠳᠠᠬᠤ ᠦᠭᠡᠢ ᠪᠣᠯᠳᠠᠭ᠃      2᠂ ᠬᠤᠣᠷᠳᠠᠭᠳᠠᠭᠰᠠᠨ ᠴᠢᠨᠠᠷᠲᠠᠢ ᠰᠢᠩᠭᠡᠭᠡᠯᠳᠡ ᠶᠢᠨ ᠴᠢᠳᠠᠪᠤᠷᠢ ᠮᠠᠭᠤᠲᠠᠬᠤ᠃ ᠡᠪᠡᠳᠴᠢᠯᠡᠭᠰᠡᠨ ᠬᠤᠷᠠᠭ᠎ᠠ ᠴᠤᠭ ᠵᠢᠪᠬᠤᠭ᠎ᠠ ᠪᠠᠨ ᠠᠯᠳᠠᠨ᠂ ᠢᠳᠡᠰᠢᠨ ᠤ ᠳᠤᠷᠠᠰᠢᠯ ᠨᠢ ᠮᠠᠭᠤᠲᠠᠵᠤ᠂ ᠭᠠᠵᠠᠷ ᠲᠤ ᠬᠡᠪᠲᠡᠨ ᠲᠣᠯᠤᠭᠠᠢ ᠪᠠᠨ ᠠᠷᠤᠨᠰᠢ ᠲᠠᠲᠠᠬᠤ ᠦᠵᠡᠭᠳᠡᠯ ᠢᠯᠡᠷᠡᠳᠡᠭ᠃ ᠪᠡᠶ᠎ᠡ ᠶᠢᠨ ᠳᠤᠯᠠᠭᠠᠨ ᠨᠢ ᠥᠨᠳᠦᠷᠵᠢᠵᠦ᠂ ᠪᠦᠬᠦ ᠪᠡᠶ᠎ᠡ ᠨᠢ ᠴᠡᠴᠡᠷᠡᠬᠦ ᠪᠠ ᠬᠦᠵᠦᠭᠦᠦ ᠨᠢ ᠲᠠᠲᠠᠵᠤ᠂ ᠡᠪᠡᠳᠴᠢᠨ ᠨᠢ ᠬᠦᠨᠳᠦᠷᠡᠪᠡᠯ ᠪᠡᠶ᠎ᠡ ᠶᠢᠨ ᠳᠤᠯᠠᠭᠠᠨ ᠨᠢ ᠲᠦᠷᠭᠡᠨ ᠳᠣᠷᠤᠭᠰᠢᠯᠠᠵᠤ ᠮᠡᠳᠡᠭᠡ ᠠᠯᠲᠠᠨ ᠴᠢᠨᠠᠭᠰᠢᠯᠠᠪᠠᠯ ᠦᠬᠦᠳᠡᠭ ᠪᠠᠶᠢᠨ᠎ᠠ᠃       ᠭᠤᠷᠪᠠ᠂ ᠰᠡᠷᠭᠡᠶᠢᠯᠡᠨ ᠵᠠᠰᠠᠬᠤ      ᠰᠡᠷᠭᠡᠶᠢᠯᠡᠬᠦ ᠠᠷᠠᠭ᠎ᠠ᠄ ᠡᠬᠡ ᠮᠠᠯ ᠪᠠ ᠨᠢᠯᠬ᠎ᠠ ᠬᠤᠷᠠᠭᠠᠨ ᠤ ᠠᠷᠠᠴᠢᠯᠠᠵᠤ ᠳᠣᠳᠤᠮᠳᠠᠬᠤ ᠶᠢ ᠴᠢᠩᠭᠠᠳᠬᠠᠨ᠂ ᠡᠷᠡᠭᠦᠯ ᠬᠠᠮᠠᠭᠠᠯᠠᠯ ᠢ ᠠᠩᠬᠠᠷᠠᠵᠤ᠂ ᠵᠢᠷᠦᠬᠡᠨ ᠲᠠᠮᠢᠷ ᠢ ᠨᠢ ᠳᠡᠭᠡᠭᠰᠢᠭᠦᠯᠦᠨ᠂ ᠪᠠᠺᠲ᠋ᠧᠷᠢ ᠶᠢ ᠤᠰᠠᠳᠬᠠᠵᠤ᠂ ᠬᠦᠴᠢᠯ ᠳᠤ ᠬᠤᠤᠷᠳᠠᠭᠳᠠᠬᠤ ᠠᠴᠠ ᠰᠡᠷᠭᠡᠶᠢᠯᠡᠬᠦ ᠬᠡᠷᠡᠭᠲᠡᠢ᠃ ᠡᠬᠡ ᠬᠤᠨᠢᠨ ᠳᠤ ᠡᠪᠡᠰᠦ ᠶᠢ ᠭᠦᠢᠴᠡᠳ ᠨᠦᠬᠦᠪᠦᠷᠢᠯᠡᠨ ᠥᠭᠴᠦ᠂ ᠬᠠᠭᠤᠷᠠᠢ ᠡᠪᠡᠰᠦ ᠪᠠ ᠬᠤᠯᠤᠤᠪᠠᠩ ᠢᠶᠠᠷ ᠲᠡᠵᠢᠭᠡᠪᠡᠯ ᠰᠠᠶᠢᠨ᠃       ᠳᠦᠷᠪᠠ᠂ ᠵᠠᠰᠠᠬᠤ ᠠᠷᠭ᠎ᠠ       ᠬᠤᠨᠢ ᠪᠠᠨ ᠳᠤᠯᠠᠭᠠᠨ ᠪᠦᠭᠡᠳ ᠬᠠᠭᠤᠷᠠᠢ ᠬᠠᠰᠢᠶ᠎ᠠ ᠰᠡᠷᠡᠪᠴᠢᠨ ᠳᠤ ᠪᠠᠶᠢᠯᠭᠠᠵᠤ᠂ ᠴᠠᠬᠢᠯᠭᠠᠨ ᠵᠠᠳᠠᠯᠤᠭᠴᠢ ᠠᠭᠤᠰᠤᠮᠠᠯ ᠤᠨ ᠰᠢᠩᠭᠡᠨ ᠢ ᠤᠤᠭᠤᠯᠭᠠᠨ᠎ᠠ᠃ ᠨᠢᠯᠬ᠎ᠠ ᠬᠤᠷᠠᠭᠠᠨ ᠳᠤ ᠲᠣᠰᠤᠨ ᠤ ᠵᠦᠢᠯ ᠪᠤᠶᠤ ᠳᠠᠪᠦᠰᠦᠨ ᠤ ᠲᠥᠷᠦᠯ ᠤᠨ ᠤᠮᠳᠠᠭᠠᠨ ᠢ ᠤᠤᠭᠤᠯᠭᠠᠵᠤ᠂ ᠭᠡᠳᠡᠰᠦᠨ ᠳᠠᠬᠢ ᠦᠯᠡᠳᠡᠭᠳᠡᠯ ᠪᠤᠳᠠᠰ ᠢ ᠤᠬᠢᠶᠠᠨ᠂ ᠪᠠᠺᠲ᠋ᠧᠷᠢ ᠦᠷᠡᠵᠢᠬᠦ ᠠᠴᠠ ᠰᠡᠷᠭᠡᠶᠢᠯᠡᠨ᠎ᠡ᠃       
ᠢᠷᠡᠯᠲᠡ᠄ ᠪᠠᠶᠠᠨ ᠨᠠᠭᠤᠷ ᠤᠨ ᠰᠣᠨᠢᠨ