ᠭᠠᠭ᠋ᠠᠢ ᠶᠢᠨ ᠪᠤᠷᠳᠤᠭᠠᠨ ᠳᠤ ᠬᠡᠳᠦᠢ ᠤᠰᠤ ᠨᠡᠮᠡᠪᠡᠯ ᠵᠣᠬᠢᠰᠲᠠᠢ ᠪᠤᠢ
ᠨᠡᠶᠢᠲᠡᠯᠡᠭᠰᠡᠨ ᠴᠠᠭ᠄
2022/7/7
     ᠬᠦᠮᠦᠰ ᠭᠠᠭ᠋ᠠᠢ ᠪᠠᠨ ᠲᠡᠵᠢᠭᠡᠬᠦ ᠳᠡᠭᠡᠨ ᠪᠤᠷᠳᠤᠭᠠᠨ ᠳᠤᠨᠢ ᠢᠯᠡᠭᠦᠦ ᠰᠢᠭ ᠤᠰᠤ ᠬᠢᠵᠦ ᠲᠡᠵᠢᠭᠡᠳᠡᠭ ᠵᠠᠩᠰᠢᠯ ᠲᠠᠢ᠃ ᠭᠡᠪᠡᠴᠦ ᠡᠳᠦᠷ ᠤᠨ ᠪᠤᠷᠳᠤᠭ᠎ᠠ ᠶᠢ ᠬᠡᠲᠦᠷᠬᠡᠢ ᠰᠢᠩᠭᠡᠯᠡᠪᠡᠯ ᠰᠢᠮ᠎ᠡ ᠲᠡᠵᠢᠭᠡᠯ ᠤᠨ ᠪᠦᠷᠢᠯᠳᠦᠭᠦᠨ ᠬᠦᠢᠴᠡᠳ ᠦᠭᠡᠢ ᠪᠤᠯᠵᠦ ᠪᠤᠷᠳᠤᠭᠠᠨ ᠤ ᠠᠰᠢᠭᠯᠠᠯᠲᠠ ᠶᠢᠨ ᠨᠤᠷᠮ᠎ᠠ ᠶᠢ ᠪᠠᠭᠤᠷᠠᠭᠤᠯᠳᠠᠭ ᠪᠦᠭᠡᠳ ᠭᠠᠭ᠋ᠠᠢ ᠶᠢᠨ ᠹᠢᠽᠢᠣᠯᠣᠭᠢ ᠶᠢᠨ ᠳᠠᠷᠤᠭᠠᠰᠦ ᠶᠢ ᠨᠡᠮᠡᠭᠳᠡᠭᠦᠯᠵᠦ᠂ ᠭᠠᠭ᠋ᠠᠢ ᠶᠢᠨ ᠪᠡᠶ᠎ᠡ ᠶᠢᠨ ᠲᠤᠳᠤᠭᠠᠲᠤ ᠶᠢᠨ ᠬᠠᠯᠠᠭᠤᠨ ᠤ ᠡᠨᠧᠷᠬᠢ ᠶᠢ ᠪᠠᠭᠤᠷᠠᠭᠤᠯᠳᠠᠭ᠃ ᠡᠶᠢᠮᠦ ᠠᠴᠠ ᠪᠤᠷᠳᠤᠭ᠎ᠠ ᠪᠠ ᠤᠰᠤᠨ ᠤ ᠬᠠᠷᠢᠴᠠᠯ ᠢ ᠶᠡᠷᠦ ᠳᠡᠭᠡᠨ 1 : 4 — 1 : 2 ᠣᠷᠴᠢᠮ ᠪᠠᠶᠢᠯᠭᠠᠪᠠᠯ ᠲᠤᠩ ᠲᠤᠬᠢᠷᠠᠮᠵᠢᠲᠠᠢ᠃   
ᠢᠷᠡᠯᠲᠡ᠄ ᠪᠠᠶᠠᠨ ᠨᠠᠭᠤᠷ ᠤᠨ ᠰᠣᠨᠢᠨ