| ᠲᠠᠪᠤᠰᠤ ᠪᠤᠯ ᠮᠠᠯ ᠲᠠᠵᠢᠭᠡᠪᠤᠷᠢ ᠶᠢᠨ ᠢᠳᠠᠰᠢᠯᠠᠬᠦ ᠲᠤᠷᠠᠰᠢᠯ ᠢ ᠨᠠᠮᠡᠭᠳᠠᠬᠦᠯᠬᠦ᠂ ᠰᠢᠩᠭᠡᠭᠡᠯᠳᠠ ᠶᠢᠨ ᠴᠢᠳᠠᠪᠤᠷᠢ ᠪᠤᠯᠤᠨ ᠵᠢᠷᠤᠭᠡᠨ ᠤ ᠠᠵᠢᠯᠯᠠᠭ᠎ᠠ ᠶᠢ | ᠰᠠᠶᠢᠵᠢᠷᠠᠭᠤᠯᠬᠤ᠂ ᠴᠢᠰᠤᠨ ᠤ ᠡᠷᠭᠢᠯᠳᠠ ᠶᠢ ᠠᠭᠢᠭᠤᠯᠬᠤ᠂ ᠪᠤᠳᠠᠰ ᠤᠨ ᠰᠤᠯᠢᠯᠴᠠᠭ᠎ᠠ ᠶᠢ ᠲᠥᠷᠭᠡᠳᠭᠡᠬᠦ᠂ ᠥᠰᠤᠯᠳᠠ ᠪᠤᠶᠢᠵᠢᠯᠳᠠ ᠶᠢ ᠬᠤᠷᠳᠤᠳᠬᠠᠬᠤ ᠪᠠ | ᠴᠢᠰᠤᠨ ᠲᠠᠷᠤᠯᠳᠠ ᠪᠤᠯᠤᠨ ᠬᠥᠴᠢᠯ ᠱᠥᠯᠳᠤ ᠶᠢ ᠵᠤᠭᠢᠴᠠᠭᠤᠯᠬᠤ ᠲᠠᠯ᠎ᠠ ᠪᠠᠷ ᠴᠢᠬᠤᠯᠨ ᠥᠢᠯᠠᠳᠤᠯ ᠥᠵᠠᠬᠦᠯᠳᠡᠭ ᠶᠤᠮ᠃ | ᠲᠠᠪᠤᠰᠤ ᠪᠠᠷ ᠲᠠᠵᠢᠭᠡᠭᠰᠠᠨ ᠮᠠᠯ ᠲᠠᠵᠢᠭᠡᠪᠤᠷᠢ ᠰᠢᠪᠠᠷ ᠰᠢᠷᠤᠢ ᠶᠢ ᠭᠡᠮᠠᠯᠢᠵᠤ ᠲᠤᠯᠢᠶᠠᠬᠤ ᠥᠭᠡᠢ ᠪᠠᠶᠢᠳᠠᠭ ᠠᠴᠠ ᠲᠠᠪᠤᠰᠤ ᠲᠤᠳᠠᠭᠳᠠᠭᠰᠠᠨ ᠠᠴᠠ ᠪᠤᠯᠤᠭᠰᠠᠨ | ᠡᠪᠠᠳᠴᠢᠨ ᠭᠡᠮ ᠳᠤ ᠨᠠᠷᠪᠡᠭᠳᠠᠬᠦ ᠥᠭᠡᠢ ᠪᠠᠶᠢᠳᠠᠭ᠃ ᠮᠠᠯ ᠲᠠᠵᠢᠭᠡᠪᠤᠷᠢ ᠶᠢ ᠲᠠᠪᠤᠰᠤ ᠪᠠᠷ ᠲᠠᠵᠢᠭᠡᠬᠦ ᠳᠤ ᠭᠡᠮᠵᠢᠶ᠎ᠠ ᠶᠢ ᠲᠠᠩᠴᠠᠬᠦᠯᠬᠦ ᠶᠢ ᠤᠨᠴᠨ ᠠᠩᠬᠠᠷᠬᠤ ᠭᠡᠷᠡᠭᠳᠠᠢ | ᠃ ᠭᠡᠷᠪᠠ ᠲᠠᠪᠤᠰᠤᠨ ᠤ ᠭᠡᠮᠵᠢᠶ᠎ᠠ ᠭᠡᠳᠤᠷᠠᠪᠠᠯ ᠬᠤᠤᠷᠠᠳᠠᠭᠳᠠᠬᠤ ᠪᠠ ᠬᠠᠯᠭᠤᠨ ᠴᠢᠨᠠᠷᠳᠠᠢ ᠡᠪᠠᠳᠴᠢᠨ ᠳᠤ ᠨᠠᠷᠪᠡᠭᠳᠠᠵᠤ ᠮᠠᠳᠠᠬᠦ ᠶᠤᠮ᠃ ᠶᠠᠷᠤ ᠶᠢᠨ ᠪᠠᠶᠢᠳᠠᠯ ᠲᠤᠤᠷ᠎ᠠ | ᠥᠭᠡᠷ ᠲᠤ ᠥᠭᠬᠦ ᠪᠤᠷᠳᠤᠭᠠᠨ ᠤ ᠬᠥᠨᠳᠤᠴᠨ ᠶᠢᠨ 0. 5% — 1%᠂ ᠬᠤᠨᠢ ᠢᠮᠠᠭ᠎ᠠ ᠳᠤ ᠥᠭᠬᠦ ᠪᠤᠷᠳᠤᠭᠠᠨ ᠤ ᠬᠥᠨᠳᠤᠴᠨ ᠶᠢᠨ 0.5% — 1%᠂ | ᠭᠠᠭ᠋ᠠᠢ ᠳᠤ ᠥᠭᠬᠦ ᠪᠤᠷᠳᠤᠭᠠᠨ ᠤ ᠬᠥᠨᠳᠤᠴᠨ ᠶᠢᠨ 0.37% ᠶᠢ ᠬᠠᠷᠢᠴᠠᠯ ᠢᠶᠠᠷ ᠲᠤᠭᠢᠷᠠᠭᠤᠯᠵᠤ ᠥᠭᠪᠠᠯ ᠰᠠᠶᠢᠨ᠃ | ᠮᠠᠯ ᠲᠠᠵᠢᠭᠡᠪᠤᠷᠢ ᠳᠤ ᠲᠠᠪᠤᠰᠤ ᠢᠳᠠᠬᠦᠯᠬᠦ ᠳᠤ ᠲᠠᠪᠤᠰᠤ ᠶᠢ ᠪᠠᠭ᠎ᠠ ᠪᠠᠭ᠎ᠠ ᠪᠠᠷ ᠤᠡᠭᠭᠤᠴᠠᠨ ᠳᠤᠨᠢ ᠭᠢᠵᠤ ᠤᠰᠤᠯᠠᠬᠤ᠂ ᠲᠤᠰᠬᠠᠢ ᠰᠠᠪᠠᠨ ᠳᠤ ᠭᠢᠵᠤ | ᠲᠤᠷ᠎ᠠ ᠪᠠᠷ ᠨᠢ ᠢᠳᠠᠬᠦᠯᠬᠦ᠂ ᠬᠤᠵᠢᠷᠯᠢᠭ ᠭᠠᠵᠠᠷ ᠢᠶᠠᠷ ᠪᠠᠯᠴᠢᠭᠡᠨ ᠬᠠᠷᠢᠭᠤᠯᠬᠤ ᠵᠠᠷᠭᠡ ᠠᠷᠭ᠎ᠠ ᠶᠢ ᠴᠤ ᠭᠡᠷᠡᠭᠯᠠᠵᠤ ᠪᠤᠯᠤᠨ᠎ᠠ᠃ ᠡᠶᠢᠮᠤ ᠠᠴᠠ ᠲᠠᠪᠤᠰᠤ ᠪᠤᠯ ᠮᠠᠯ | ᠲᠠᠵᠢᠭᠡᠪᠤᠷᠢ ᠶᠢ ᠲᠠᠵᠢᠭᠡᠵᠤ ᠠᠷᠠᠴᠢᠯᠠᠬᠤ ᠶᠠᠪᠤᠴᠨ ᠳᠠᠬᠢ ᠲᠤᠳᠠᠭᠳᠠᠵᠤ ᠪᠤᠯᠤᠰᠢ ᠥᠭᠡᠢ ᠲᠠᠵᠢᠭᠡᠯ ᠤᠨ ᠨᠢᠭᠡ ᠶᠤᠮ᠃ | | | |