ᠨᠢᠷᠠᠢ ᠤᠨᠠᠭ᠎ᠠ ᠶᠢᠨ ᠵᠤᠩᠭᠠᠭ ᠲᠦᠭᠵᠢᠷᠡᠬᠦ ᠶᠢ ᠵᠠᠰᠠᠬᠤ ᠠᠷᠭ᠎ᠠ
ᠨᠡᠶᠢᠲᠡᠯᠡᠭᠰᠡᠨ ᠴᠠᠭ᠄
2022/7/8
                               ᠬᠡᠭᠡᠯᠲᠠᠢ ᠭᠡᠭᠦᠦ ᠶᠢ ᠰᠠᠶᠢᠲᠤᠷ ᠠᠷᠠᠴᠢᠯᠠᠵᠦ ᠲᠡᠵᠢᠭᠡᠬᠦ ᠦᠭᠡᠢ᠂ ᠡᠳ᠋ᠯᠡᠭᠡ ᠠᠬᠠᠳᠠᠬᠤ᠂ ᠤᠨᠠᠭ᠎ᠠ ᠨᠢ ᠡᠬᠡ ᠶᠢᠨ ᠬᠡᠪᠡᠯᠢ ᠳᠡᠭᠡᠨ ᠰᠢᠮ᠎ᠡ ᠲᠡᠵᠢᠭᠡᠯ ᠳᠤᠲᠠᠭᠳᠠᠬᠤ᠂ ᠭᠠᠷᠤᠭᠰᠠᠨ ᠤ ᠳᠠᠷᠠᠭ᠎ᠠ ᠤᠭᠤᠷᠠᠭ ᠰᠦ ᠳᠡᠭᠡᠨ ᠴᠠᠳᠬᠤ ᠦᠭᠡᠢ ᠵᠡᠷᠭᠡ ᠰᠢᠯᠲᠠᠭᠠᠨ ᠠᠴᠠ ᠨᠢᠷᠠᠢ ᠤᠨᠠᠭ᠎ᠠ ᠪᠠᠭᠠᠰᠦ ᠬᠠᠲᠠᠬᠤ ᠡᠪᠡᠳᠴᠢᠨ ᠣᠯᠳᠠᠭ᠃      ᠵᠠᠰᠠᠬᠤ ᠠᠷᠭ᠎ᠠ᠄ 3-5 ᠭᠠᠭ᠋ᠠᠢ ᠶᠢᠨ ᠰᠦᠰᠦ ︵ᠰᠢᠨᠡᠬᠡᠨ᠂ ᠬᠠᠲᠠᠭᠠᠭᠰᠠᠨ ᠪᠦᠷ ᠪᠤᠯᠤᠨ᠎ᠠ︶ ᠶᠢ ᠬᠠᠶᠢᠴᠢᠯᠠᠭᠠᠳ ᠰᠢᠩᠭᠡᠨ ᠢ ᠨᠢ ᠠᠪᠤᠨ᠎ᠠ᠃ ᠬᠠᠲᠠᠭᠠᠭᠰᠠᠨ ᠰᠦᠰᠦ ᠶᠢ ᠪᠦᠯᠢᠶᠡᠨ ᠤᠰᠤᠨ ᠳᠤ ᠨᠢᠭᠡ ᠴᠠᠭ ᠬᠢᠷᠢᠲᠠᠢ ᠳᠡᠪᠲᠦᠭᠡᠭᠡᠳ ᠵᠥᠭᠡᠯᠡᠷᠡᠭᠦᠯᠦᠭᠰᠡᠨ ᠤ ᠰᠡᠭᠦᠯᠡᠷ ᠰᠦᠰᠦᠨ ᠤ ᠬᠠᠯᠢᠰᠦ ᠶᠢ ᠨᠢ ᠬᠠᠶᠢᠯᠠᠴᠢᠵᠦ ᠰᠢᠩᠭᠡᠨ ᠢ ᠨᠢ ᠪᠦᠯᠢᠶᠡᠨ ᠤᠰᠤᠨ ᠳᠤ ᠠᠭᠤᠰᠬᠠᠵᠦ᠂ 200-500 ᠮᠢᠯᠢᠯᠢᠲ᠋ᠧᠷ ᠰᠦᠰᠦᠨ ᠤ ᠪᠦᠯᠢᠶᠡᠨ ᠰᠢᠩᠭᠡᠨ ᠪᠤᠯᠭᠠᠨ᠎ᠠ᠃ 100 ᠮᠢᠯᠢᠯᠢᠲ᠋ᠧᠷ ᠤᠨ ᠲᠠᠷᠢᠯᠭ᠎ᠠ ᠶᠢᠨ ᠪᠠᠭᠠᠵᠢ ᠳᠤ 20-30 ᠰᠡᠨᠲ᠋ᠢᠮᠧᠲᠷ ᠤᠷᠲᠤ ᠵᠢᠶᠣᠣᠫᠢ ᠬᠤᠭᠤᠯᠠᠢ ᠵᠠᠯᠭᠠᠵᠦ᠂ ᠨᠠᠶᠢᠷᠠᠭᠤᠯᠤᠭᠰᠠᠨ ᠰᠦᠰᠦᠨ ᠤ ᠰᠢᠩᠭᠡᠨ ᠢᠶᠠᠨ ᠰᠣᠷᠣᠭᠤᠯᠵᠦ ᠬᠤᠰᠬᠢᠨᠠᠭ ᠲᠤᠨᠢ ᠠᠭᠠᠵᠢᠮ ᠢᠶᠠᠷ ᠰᠢᠬᠠᠵᠦ ᠤᠷᠤᠭᠤᠯᠤᠨ᠎ᠠ᠃ ᠰᠦᠰᠦᠨ ᠰᠢᠩᠭᠡᠨ ᠢ ᠬᠠᠳᠬᠤᠵᠦ ᠣᠷᠣᠭᠤᠯᠣᠭᠰᠠᠨ ᠤ ᠰᠡᠭᠦᠯᠡᠷ 1-3 ᠴᠠᠭ ᠲᠤ ᠨᠢᠷᠠᠢ ᠤᠨᠠᠭ᠎ᠠ ᠵᠤᠩᠭᠠᠯᠠᠳᠠᠭ᠃ ᠵᠠᠷᠢᠮ ᠤᠨᠠᠭ᠎ᠠ 12 ᠴᠠᠭ ᠤᠨ ᠬᠤᠶᠢᠨ᠎ᠠ ᠰᠠᠶ᠋ᠢ ᠵᠤᠩᠭᠠᠯᠠᠨ᠎ᠠ᠃ ᠲᠠᠷᠢᠯᠭ᠎ᠠ ᠶᠢᠨ ᠪᠠᠭᠠᠵᠢ ᠳᠤ ᠤᠭᠯᠠᠭᠰᠠᠨ ᠵᠢᠶᠤᠤᠫᠢ ᠬᠤᠭᠤᠯᠠᠢ ᠨᠢ ᠬᠤᠰᠬᠢᠨᠠᠭ ᠤᠨ ᠲᠤᠳᠤᠭᠠᠲᠤ ᠳᠤ ᠰᠠᠭᠠᠳ ᠦᠭᠡᠢ ᠤᠷᠤᠭᠰᠠᠨ ᠪᠠᠶᠢᠪᠠᠯ ᠵᠤᠩᠭᠠᠭ ᠤᠨ ᠲᠦᠭᠵᠢᠷᠡᠯ ᠨᠢ ᠨᠠᠷᠢᠨ ᠭᠡᠳᠡᠰᠦᠨ ᠳᠤ ᠪᠠᠶᠢᠬᠤ ᠶᠢ ᠲᠤᠳᠤᠯᠠᠵᠦ ᠪᠤᠯᠤᠨ᠎ᠠ᠃ ᠡᠶᠢᠮᠦ ᠪᠠᠶᠢᠳᠠᠯ ᠭᠠᠷᠪᠠᠯ ᠬᠤᠰᠬᠢᠨᠠᠭ ᠲᠤᠨᠢ ᠰᠦᠰᠦᠨ ᠰᠢᠩᠭᠡᠨ ᠰᠢᠬᠠᠵᠦ ᠤᠷᠤᠭᠤᠯᠬᠤ ᠠᠴᠠ ᠭᠠᠳᠠᠨ᠎ᠠ ᠪᠠᠰᠠ 50-100 ᠭᠷᠡᠮ ᠭᠠᠭ᠋ᠠᠢ ᠶᠢᠨ ᠲᠣᠰᠤ᠂ 50 ᠭᠷᠡᠮ ᠪᠠᠯ᠂ 100 ᠭᠷᠡᠮ ᠤᠰᠤ ᠶᠢ ᠬᠤᠯᠢᠵᠦ᠂ ᠨᠢᠭᠡ ᠤᠳᠠᠭ᠎ᠠ ᠳᠤ ᠬᠡᠷᠡᠭᠯᠡᠨ᠎ᠡ ᠃        
ᠢᠷᠡᠯᠲᠡ᠄ ᠪᠠᠶᠠᠨ ᠨᠠᠭᠤᠷ ᠤᠨ ᠰᠣᠨᠢᠨ