ᠡᠷᠳᠡᠨᠢ ᠰᠢᠰᠢ ᠢᠳᠡᠬᠦ ᠳᠡᠭᠡᠨ ᠬᠦᠪᠦᠷᠡᠯ ᠤᠨ ᠨᠠᠬᠢᠶ᠎ᠠ ᠶᠢ ᠨᠢ ᠪᠦᠷ ᠢᠳᠡᠬᠦ ᠬᠡᠷᠡᠭᠲᠡᠶ
ᠨᠡᠶᠢᠲᠡᠯᠡᠭᠰᠡᠨ ᠴᠠᠭ᠄
2022/9/6
                                    ᠤᠳᠤ ᠶᠠᠭ ᠰᠠᠶᠢᠬᠠᠨ ᠰᠢᠨ᠎ᠡ ᠰᠣᠷᠭᠤᠭ ᠡᠷᠳᠡᠨᠢ ᠰᠢᠰᠢ ᠶᠡᠬᠡᠪᠡᠷ ᠵᠠᠬ᠎ᠠ ᠳᠡᠯᠭᠡᠭᠦᠷ ᠲᠤ ᠭᠠᠷᠴᠤ᠂ ᠠᠮᠳᠠᠳᠤ ᠵᠥᠭᠡᠯᠡᠨ ᠡᠷᠳᠡᠨᠢ ᠰᠢᠰᠢ ᠶᠢᠨ ᠠᠩᠬᠢᠯᠤᠮ᠎ᠠ ᠦᠨᠦᠷ ᠬᠠᠨᠭ᠍ᠬᠤᠯᠵᠤ᠂ ᠬᠥᠮᠦᠨ ᠤ ᠢᠳᠡᠰᠢᠨ ᠲᠤᠷᠠᠰᠢᠯ ᠢ ᠬᠦᠳᠡᠯᠭᠡᠨ᠎ᠡ᠃ ᠡᠷᠳᠡᠨᠢ ᠰᠢᠰᠢ ᠶᠢ ᠠᠮᠠ ᠠᠮᠠ ᠪᠠᠷ ᠢᠳᠡᠬᠦ ᠳᠤ ᠦᠨᠡᠭᠡᠷ ᠰᠠᠨᠠᠭᠠᠨ ᠳᠠᠭᠠᠨ ᠬᠦᠷᠳᠡᠭ ᠪᠢᠯᠡ᠂ ᠭᠡᠪᠡᠴᠦ ᠵᠠᠷᠢᠮ ᠬᠥᠮᠦᠨ ᠡᠷᠳᠡᠨᠢ ᠰᠢᠰᠢ ᠢᠳᠡᠬᠦ ᠳᠡᠭᠡᠨ ᠠᠳᠡ ᠲᠡᠨᠳᠡ ᠠᠴᠠ ᠨᠢ ᠮᠠᠷᠠᠵᠤ᠂ ᠡᠷᠳᠡᠨᠢ ᠰᠢᠰᠢ ᠶᠢᠨ ᠡᠰᠢᠨ ᠳᠤᠨᠢ ᠮᠠᠰᠢ ᠣᠯᠠᠨ ᠰᠢᠷᠠᠪᠲᠤᠷ ᠵᠢᠵᠢᠭ ᠨᠠᠬᠢᠶ᠎ᠠ ᠶᠢ ᠦᠯᠡᠳᠡᠭᠡᠳᠡᠭ᠃ ᠡᠳᠡᠭᠡᠷ ᠰᠦᠢᠳᠭᠡᠭᠳᠡᠭᠰᠡᠨ ᠵᠢᠵᠢᠭ ᠨᠠᠬᠢᠶ᠎ᠠ ᠨᠢ ᠦᠨᠡᠨᠳᠡᠭᠡᠨ ᠡᠷᠳᠡᠨᠢ ᠰᠢᠰᠢ ᠶᠢᠨ ᠬᠠᠮᠤᠭ ᠤᠨ ᠰᠢᠮ᠎ᠡ ᠲᠡᠵᠢᠭᠡᠯ ᠲᠠᠢ ᠨᠠᠬᠢᠶ᠎ᠠ — ᠬᠦᠪᠦᠷᠡᠯ ᠤᠨ ᠨᠠᠬᠢᠶ᠎ᠠ ᠪᠣᠯᠬᠤ ᠶᠤᠮ᠃     ᠡᠷᠳᠡᠨᠢ ᠰᠢᠰᠢ ᠶᠢᠨ ᠬᠦᠪᠦᠷᠡᠯ ᠤᠨ ᠨᠠᠬᠢᠶ᠎ᠠ ᠪᠣᠯ ᠡᠷᠳᠡᠨᠢ ᠰᠢᠰᠢ ᠶᠢᠨ ᠮᠥᠬᠦᠯᠢᠭ ᠤᠨ ᠳᠣᠲᠣᠷᠠᠬᠢ ᠬᠠᠮᠤᠭ ᠤᠨ ᠰᠢᠮ᠎ᠡ ᠲᠡᠵᠢᠭᠡᠯ ᠲᠠᠢ ᠬᠡᠰᠡᠭ ᠪᠤᠯᠬᠤ ᠪᠦᠭᠡᠳ ᠡᠷᠳᠡᠨᠢ ᠰᠢᠰᠢ ᠶᠢᠨ ᠥᠰᠥᠯᠲᠡ ᠪᠠ ᠪᠤᠶᠢᠵᠢᠯᠲᠠ ᠶᠢᠨ ᠡᠬᠢᠯᠡᠯᠲᠡ ᠪᠣᠯᠤᠨ᠎ᠠ᠃ ᠬᠡᠳᠦ᠋ᠢᠪᠡᠷ ᠲᠡᠭᠦᠨ ᠤ ᠬᠠᠷᠢᠴᠠᠯ ᠤᠨ ᠬᠡᠮᠵᠢᠶ᠎ᠡ ᠨᠢ ᠵᠥᠪᠬᠡᠨ ᠡᠷᠳᠡᠨᠢ ᠰᠢᠰᠢ ᠶᠢᠨ ᠮᠥᠬᠦᠯᠢᠭ ᠤᠨ 11 % ~ 14 % ᠶᠢ ᠡᠵᠡᠯᠡᠳᠡᠭ ᠪᠤᠯᠪᠠᠴᠤ ᠲᠡᠭᠦᠨ ᠤ ᠥᠭᠡᠬᠦ ᠨᠢ ᠶᠡᠷᠦᠩᠬᠡᠶ ᠮᠥᠬᠦᠯᠢᠭ ᠤᠨ ᠲᠤᠳᠤᠷ᠎ᠠ 84 % ᠶᠢ ᠡᠵᠡᠯᠡᠵᠦ᠂ ᠤᠭᠤᠷᠠᠭ ᠨᠢ 22 % ᠢ ᠡᠵᠡᠯᠡᠵᠦ᠂ ᠡᠷᠦᠳᠡᠰᠦᠨ ᠪᠣᠳᠠᠰ ᠨᠢ 83 % ᠶᠢ ᠡᠵᠡᠯᠡᠵᠦ ᠪᠠᠶᠢᠳᠠᠭ᠃ ᠣᠯᠠᠨ ᠤ ᠮᠡᠳᠡᠳᠡᠭ ᠡᠷᠳᠡᠨᠢ ᠰᠢᠰᠢ ᠶᠢᠨ ᠬᠦᠪᠦᠷᠡᠯ ᠤᠨ ᠨᠠᠬᠢᠶᠠᠨ ᠤ ᠲᠣᠰᠣ ᠪᠣᠯ ᠳᠠᠷᠤᠶ ᠡᠷᠳᠡᠨᠢ ᠰᠢᠰᠢ ᠶᠢᠨ ᠬᠦᠪᠦᠷᠡᠯ ᠤᠨ ᠨᠠᠬᠢᠶ᠎ᠠ ᠠᠴᠠ ᠪᠣᠯᠪᠠᠰᠤᠷᠠᠭᠤᠯᠤᠨ ᠭᠠᠷᠭᠠᠭᠰᠠᠨ ᠶᠤᠮ᠃ ᠡᠷᠳᠡᠨᠢ ᠰᠢᠰᠢ ᠶᠢᠨ ᠬᠦᠪᠦᠷᠡᠯ ᠤᠨ ᠨᠠᠬᠢᠶ᠎ᠠ ᠳᠤ ᠲᠣᠰᠣᠨ ᠬᠦᠴᠢᠯ ᠪᠠ ᠳᠤᠲᠠᠭᠤ ᠲᠣᠰᠣᠨ ᠬᠦᠴᠢᠯ ᠡᠯᠪᠡᠭ ᠠᠭᠤᠯᠤᠭᠳᠠᠵᠦ ᠪᠤᠢ᠂ ᠲᠡᠷᠡ ᠨᠢ ᠴᠢᠰᠦᠨ ᠲᠤᠩᠭᠠᠯᠠᠭ ᠤᠨ ᠺᠤᠯᠧᠰᠳ᠋ᠷᠤᠯ ᠢ ᠪᠠᠭᠤᠷᠠᠭᠤᠯᠬᠤ ᠂ ᠢᠰᠦᠯᠳᠦᠬᠦ ᠶᠢ ᠡᠰᠡᠷᠭᠦᠴᠡᠬᠦ᠂ ᠡᠭᠡᠯᠢᠯᠡᠭᠡ ᠶᠢᠨ ᠴᠢᠳᠠᠪᠤᠷᠢ ᠶᠢ ᠳᠡᠭᠡᠭᠰᠢᠯᠡᠭᠦᠯᠬᠦ ᠳᠤ ᠠᠰᠢᠭᠲᠠᠢ ᠪᠠᠶᠢᠳᠠᠭ᠃ ᠡᠭᠦᠨ ᠤ ᠬᠠᠮᠲᠤ ᠲᠡᠷᠡ ᠨᠢ ᠪᠠᠰᠠ ᠥᠭᠡᠬᠦᠨ ᠳᠤ ᠠᠭᠤᠰᠬᠤ ᠴᠢᠨᠠᠷᠲᠠᠶ ᠸᠢᠲ᠋ᠠᠮᠢᠨ E᠂ ᠥᠨᠳᠡᠭᠡᠨ ᠹᠣᠰᠹᠣᠷᠲᠤ ᠥᠭᠡᠬᠦ ᠪᠣᠯᠤᠨ ᠤᠷᠭᠤᠮᠠᠯ ᠤᠨ ᠭᠤᠨᠠᠨ ᠠᠯᠺᠣᠣᠯ ᠤᠨ ᠡᠷᠳᠡᠨᠢᠰ ᠤᠨ ᠰᠠᠩ ᠪᠣᠯᠤᠨ᠎ᠠ᠃ ᠡᠷᠳᠡᠨᠢ ᠰᠢᠰᠢ ᠶᠢᠨ ᠬᠦᠪᠦᠷᠡᠯ ᠤᠨ ᠨᠠᠬᠢᠶ᠎ᠠ ᠳᠤ ᠠᠮᠢᠨᠤ᠋ ᠬᠦᠴᠢᠯ ᠤᠨ ᠲᠥᠷᠦᠯ ᠵᠦᠢᠯ ᠪᠦᠷᠢᠨ ᠭᠦᠢᠴᠡᠳ ᠪᠠᠶᠢᠵᠤ᠂ ᠠᠭᠤᠯᠤᠭᠳᠠᠴᠠ ᠨᠢ ᠬᠠᠷᠢᠴᠠᠩᠭᠤᠢ ᠪᠠᠷ ᠲᠡᠩᠴᠡᠭᠦᠷᠢᠲᠡᠢ ᠪᠠᠶᠢᠳᠠᠭ᠃ ᠡᠷᠳᠡᠨᠢ ᠰᠢᠰᠢ ᠶᠢᠨ ᠬᠦᠪᠦᠷᠡᠯ ᠤᠨ ᠨᠠᠬᠢᠶ᠎ᠠ ᠳᠤ ᠪᠠᠰᠠ ᠠᠵᠢᠯᠯᠠᠭ᠎ᠠ ᠶᠢᠨ ᠴᠢᠨᠠᠷᠳᠠᠢ ᠨᠥᠯᠥᠭᠡᠯᠡᠭᠴᠢ γ — ᠪᠦᠲ᠋ᠢᠯ ᠬᠦᠴᠢᠯ ᠪᠠ ᠭᠯᠥ᠋ᠲ᠋ᠠᠨᠢᠨ ᠠᠭᠤᠯᠤᠭᠳᠠᠵᠤ᠂ ᠥᠭᠡᠬᠦᠨ ᠪᠣᠳᠠᠰ ᠤᠨ ᠰᠣᠯᠢᠯᠴᠠᠭ᠎ᠠ ᠶᠢ ᠰᠠᠶᠢᠵᠢᠷᠠᠭᠤᠯᠬᠤ᠂ ᠯᠤᠬᠰᠢᠭᠤᠨ ᠰᠤᠳᠠᠯ ᠤᠨ ᠬᠠᠳᠠᠭᠤᠷᠠᠯ ᠢ ᠪᠠᠭᠤᠷᠠᠭᠤᠯᠬᠤ᠂ ᠡᠯᠢᠭᠡ ᠶᠢ ᠬᠠᠮᠠᠭᠠᠯᠠᠬᠤ ᠵᠡᠷᠭᠡ ᠲᠠᠯ᠎ᠠ ᠪᠠᠷ ᠢᠯᠡᠳᠲᠡ ᠦᠢᠯᠡᠳᠦᠯ ᠲᠠᠢ ᠪᠠᠶᠢᠳᠠᠭ᠃      ᠢᠳᠡᠭᠡᠨ ᠤ ᠰᠢᠷᠬᠡᠭᠯᠢᠭ ᠡᠳ᠋ ᠡᠷᠳᠡᠨᠢ ᠰᠢᠰᠢ ᠶᠢᠨ ᠬᠦᠪᠦᠷᠡᠯ ᠤᠨ ᠨᠠᠬᠢᠶ᠎ᠠ ᠳᠣᠲᠣᠷ᠎ᠠ 9 % ᠶᠢ ᠡᠵᠡᠯᠡᠵᠦ᠂ ᠬᠡᠳᠡᠰᠦᠨ ᠤ ᠡᠷᠡᠭᠦᠯ ᠮᠡᠨᠳᠦ ᠶᠢ ᠪᠠᠲᠤᠯᠠᠬᠤ᠂ ᠬᠤᠷᠭᠤᠰᠣᠯᠠᠬᠤ ᠶᠢ ᠨᠠᠮᠳᠠᠭᠤᠯᠬᠤ᠂ ᠴᠢᠰᠤᠨ ᠰᠢᠬᠢᠷ ᠢ ᠪᠠᠭᠤᠷᠠᠭᠤᠯᠬᠤ ᠵᠡᠷᠭᠡ ᠳᠤ ᠪᠦᠷ ᠲᠤᠰᠠᠳᠠᠢ ᠪᠠᠶᠢᠳᠠᠭ᠃ ᠡᠶᠢᠮᠦ ᠠᠴᠠ᠂ ᠣᠯᠠᠨ ᠢᠶᠠᠷ ᠢᠶᠠᠨ ᠡᠷᠳᠡᠨᠢ ᠰᠢᠰᠢ ᠢᠳᠡᠬᠦ ᠳᠤ ᠨᠠᠷᠢᠨ ᠵᠠᠵᠢᠯᠵᠤ᠂ ᠡᠷᠳᠡᠨᠢ ᠰᠢᠰᠢ ᠶᠢᠨ ᠮᠥᠬᠦᠯᠢᠭ ᠢ ᠬᠡᠮᠬᠡᠷᠡᠲᠡᠯ᠎ᠡ ᠵᠠᠵᠢᠯᠵᠤ᠂ ᠬᠦᠪᠦᠷᠡᠯ ᠤᠨ ᠨᠠᠬᠢᠶ᠎ᠠ ᠶᠢ ᠨᠢ ᠪᠦᠷ ᠢᠳᠡᠵᠦ᠂ ᠰᠢᠮ᠎ᠡ ᠲᠡᠵᠢᠭᠡᠯ ᠲᠠᠢ ᠵᠦᠢᠯ ᠢ ᠨᠢ ᠴᠥᠮ ᠢᠳᠡᠬᠦ ᠬᠡᠷᠡᠭᠳᠡᠢ᠃      
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ