ᠠᠳᠤᠭᠤᠨ ᠤ ᠬᠠᠯᠳᠠᠪᠤᠷᠢᠳᠤ ᠬᠢᠮᠤᠷᠠᠭ᠎ᠠ ᠲᠡᠯᠬᠡᠷᠡᠬᠦ ᠵᠠᠮ ᠮᠦᠷ
ᠨᠡᠶᠢᠲᠡᠯᠡᠭᠰᠡᠨ ᠴᠠᠭ᠄
2022/9/6
                                  ᠠᠳᠤᠭᠤᠨ ᠤ ᠬᠠᠯᠳᠠᠪᠤᠷᠢᠳᠤ ᠬᠢᠮᠤᠷᠠᠭ᠎ᠠ ᠵᠦᠪᠬᠡᠨ ᠮᠤᠷᠢ᠂ ᠯᠠᠭᠤᠰᠠ᠂ ᠡᠯᠵᠢᠬᠡᠨ ᠳᠤ ᠤᠷᠤᠳᠠᠭ᠃ ᠲᠤᠰ ᠡᠪᠡᠳᠴᠢᠨ ᠳᠤ ᠠᠮᠠᠷᠬᠠᠨ ᠬᠠᠯᠳᠠᠪᠤᠷᠢᠯᠠᠭᠳᠠᠳᠠᠭ  ᠨᠢ ᠲᠡᠭᠦᠨ ᠤ ᠨᠠᠰᠤ᠂ ᠪᠡᠯᠭᠡ ᠶᠢᠨ ᠢᠯᠭᠠᠭ᠎ᠠ ᠪᠤᠯᠤᠨ ᠡᠭᠦᠯᠳᠡᠷ ᠲᠠᠢ ᠬᠤᠯᠪᠤᠭᠳᠠᠯ ᠲᠠᠢ ᠶᠤᠮ᠃ ᠬᠡᠮᠨᠡᠭᠰᠡᠨ ᠮᠤᠷᠢ ᠪᠠ ᠬᠡᠮᠨᠡᠵᠦ ᠦᠩᠭᠡᠷᠡᠭᠰᠡᠨ ᠮᠤᠷᠢ ᠪᠤᠯ ᠲᠤᠰ ᠡᠪᠡᠳᠴᠢᠨ ᠤ ᠬᠠᠯᠳᠠᠪᠤᠷᠢᠯᠠᠬᠤ ᠡᠬᠢ ᠰᠤᠷᠪᠤᠯᠵᠢ ᠪᠤᠯᠳᠠᠭ᠃ ᠭᠤᠤᠯᠳᠠᠭᠤ ᠠᠮᠢᠰᠬᠤᠯ ᠤᠨ ᠰᠦᠪᠡ ︵ᠰᠢᠯᠦᠰᠦᠨ ᠤ ᠦᠰᠦᠷᠦᠯᠬᠡᠨ︶ ᠪᠠᠷ ᠬᠠᠯᠳᠠᠪᠦᠷᠢᠯᠠᠨ᠎ᠠ᠃ ᠰᠠᠮᠰᠢᠭᠤ ᠶᠢᠨ ᠰᠦᠪᠡ ︵ᠪᠤᠵᠠᠷᠳᠠᠭᠰᠠᠨ ᠪᠤᠷᠳᠤᠭ᠎ᠠ᠂ ᠤᠰᠤ᠂ ᠬᠡᠷᠡᠭᠯᠡᠭᠦᠷ ᠢᠶᠠᠷ ᠲᠠᠮᠵᠢᠳᠠᠭ︶ ᠪᠠᠷ ᠴᠤ ᠬᠠᠯᠳᠠᠪᠤᠷᠢᠯᠠᠳᠠᠭ᠃ ᠪᠠᠰᠠ ᠬᠡᠭᠡᠯᠳᠦᠭᠦᠯᠭᠡ ᠬᠢᠬᠦ ᠪᠠᠷ ᠲᠠᠮᠵᠢᠵᠤ ᠬᠠᠯᠳᠠᠪᠤᠷᠢᠯᠠᠨ᠎ᠠ᠃ ᠴᠢᠰᠤ ᠰᠤᠷᠤᠬᠤ ᠬᠤᠷᠤᠬᠠᠢ ᠪᠠᠰᠠ ᠲᠤᠰ ᠡᠪᠡᠳᠴᠢᠨ ᠢ ᠲᠠᠷᠬᠠᠭᠠᠵᠤ ᠮᠠᠳᠠᠨ᠎ᠠ᠃ ᠵᠢᠯ ᠤᠨ ᠲᠦᠷᠪᠡᠨ ᠤᠯᠠᠷᠢᠯ ᠳᠤ ᠪᠦᠷ ᠡᠪᠡᠳᠴᠢᠯᠡᠵᠦ ᠪᠤᠯᠬᠤ ᠪᠤᠯᠪᠠᠴᠤ ᠨᠠᠮᠤᠷ ᠤᠨ ᠰᠡᠭᠦᠯ ᠬᠠᠪᠤᠷ ᠤᠨ ᠡᠬᠢ ᠪᠠᠷ ᠨᠡᠯᠢᠶᠡᠳ ᠠᠷᠪᠢᠨ ᠲᠡᠯᠬᠡᠷᠡᠳᠡᠭ᠃ ᠲᠤᠰ ᠡᠪᠡᠳᠴᠢᠨ ᠲᠤᠰᠬᠤ ᠨᠢ ᠴᠤᠴᠢᠮᠠᠭ᠂ ᠡᠪᠡᠳᠴᠢᠯᠡᠬᠦ ᠨᠢ ᠲᠦᠷᠭᠡᠨ᠂ ᠲᠡᠯᠭᠡᠷᠡᠬᠦ ᠨᠢ ᠬᠤᠷᠳᠤᠨ ᠪᠦᠭᠡᠳ ᠬᠡᠪᠴᠢᠶ᠎ᠡ ᠪᠠᠷ ᠦᠷᠬᠡᠨ᠂ ᠬᠠᠯᠳᠠᠪᠤᠷᠢᠯᠠᠭᠰᠠᠨ ᠰᠦᠷᠦᠭ ᠲᠤ ᠤᠬᠤᠷᠬᠠᠨ ᠬᠤᠭᠤᠴᠠᠭᠠᠨ ᠳᠤ ᠬᠠᠯᠳᠠᠪᠤᠷᠢᠯᠡᠯ ᠡᠭᠦᠰᠴᠤ᠂ ᠬᠡᠮᠨᠡᠬᠦ ᠨᠣᠷᠮ᠎ᠠ ᠦᠨᠳᠦᠷ᠂ ᠦᠬᠦᠯᠳᠡ ᠲᠤᠤᠷ᠎ᠠ ᠪᠠᠶᠢᠳᠠᠭ᠃ ᠲᠤᠰ ᠡᠪᠡᠳᠴᠢᠨ ᠪᠤᠯ ᠠᠳᠤᠭᠤᠨ ᠰᠦᠷᠦᠭ ᠶᠡᠭᠡ ᠪᠠᠷ ᠲᠦᠪᠯᠡᠷᠡᠵᠦ ᠪᠦᠬᠦᠢ ᠮᠠᠯ ᠲᠠᠷᠢᠶᠠᠯᠠᠩ ᠤᠨ ᠲᠠᠯᠠᠪᠠᠢ ᠳᠤ ᠠᠮᠠᠷᠬᠠᠨ ᠴᠤᠴᠢᠮᠠᠭ ᠲᠡᠯᠭᠡᠷᠡᠳᠡᠭ ᠪᠦᠬᠡᠳ ᠰᠢᠨ᠎ᠡ ᠮᠤᠷᠢ ᠠᠪᠴᠢᠷᠠᠵᠤ ᠤᠷᠤᠭᠤᠯᠤᠭᠰᠠᠨ ᠠᠳᠤᠭᠤᠨ ᠰᠦᠷᠦᠭ ᠳᠤ ᠬᠡᠴᠡᠭᠦᠦ ᠡᠭᠦᠰᠳᠡᠭ ᠶᠤᠮ᠃ ᠲᠤᠰ ᠡᠪᠡᠳᠴᠢᠨ ᠤᠯᠠᠩᠬᠢ ᠳᠠᠭᠠᠨ ᠵᠠᠮ ᠬᠠᠷᠢᠯᠴᠠᠭᠠᠨ ᠤ ᠱᠤᠭᠤᠮ ᠲᠠᠭᠠᠤ ᠲᠡᠯᠭᠡᠷᠡᠳᠡᠭ᠃ ᠵᠠᠮ ᠬᠠᠷᠢᠯᠴᠠᠭ᠎ᠠ ᠲᠦᠬᠦᠮ᠂ ᠭᠠᠳᠠᠭᠰᠢ ᠭᠠᠷᠬᠤ ᠠᠴᠢᠶ᠎ᠠ ᠵᠦᠬᠡᠬᠡᠪᠦᠷᠢ ᠠᠷᠪᠢᠨ ᠪᠠ ᠬᠡᠬᠡᠯᠳᠦᠬᠦᠯᠭᠡ ᠶᠢᠨ ᠦᠷᠳᠡᠭᠡ ᠵᠡᠷᠭᠡ ᠭᠠᠵᠠᠷ ᠲᠤ ᠬᠢᠵᠢᠭ ᠠᠷᠪᠢᠨ ᠭᠠᠷᠳᠠᠭ᠃          
ᠢᠷᠡᠯᠲᠡ᠄ ᠪᠠᠶᠠᠨ ᠨᠠᠭᠤᠷ ᠤᠨ ᠰᠣᠨᠢᠨ