ᠪᠠᠭ᠎ᠠ ᠬᠡᠪᠢᠭᠴᠢ ᠮᠠᠯ ᠤᠨ ᠬᠢᠵᠢᠭ ᠪᠤᠯᠤᠨ ᠲᠡᠭᠦᠨ ᠤ ᠰᠡᠷᠬᠡᠶᠢᠯᠡᠯᠳᠡ
ᠨᠡᠶᠢᠲᠡᠯᠡᠭᠰᠡᠨ ᠴᠠᠭ᠄
2022/9/6
      ᠪᠠᠭ᠎ᠠ ᠬᠡᠪᠢᠭᠴᠢ ᠮᠠᠯ ᠤᠨ ᠬᠢᠵᠢᠭ ᠢ ᠪᠠᠰᠠ ᠬᠤᠨᠢᠨ ᠬᠢᠵᠢᠭ ᠬᠡᠳᠡᠭ᠃ ᠪᠠᠭ᠎ᠠ ᠬᠡᠪᠢᠭᠴᠢ ᠮᠠᠯ ᠤᠨ ᠬᠢᠵᠢᠭ ᠤᠨ ᠸᠢᠷᠦ᠋ᠰ ᠠᠴᠠ ᠡᠬᠦᠰᠦᠭᠰᠡᠨ ᠨᠢᠬᠡ ᠵᠦᠢᠯ  ᠤᠨ ᠲᠦᠷᠬᠡᠨ ᠴᠢᠨᠠᠷᠳᠠᠢ ᠸᠢᠷᠦ᠋ᠰᠳᠦ ᠬᠠᠯᠳᠠᠪᠤᠷᠢᠳᠤ ᠡᠪᠡᠳᠴᠢᠨ ᠪᠤᠯᠤᠨ᠎ᠠ᠃ ᠬᠠᠯᠠᠭᠤᠷᠠᠬᠤ᠂ ᠠᠮᠠᠨ ᠬᠦᠨᠳᠡᠢ ᠶᠢᠨ ᠦᠷᠪᠢᠰᠦᠯ᠂ ᠴᠢᠴᠠᠭ᠎ᠠ ᠠᠯᠳᠠᠬᠤ᠂ ᠠᠭᠤᠰᠬᠢᠨ ᠦᠷᠪᠢᠰᠦᠯ ᠵᠡᠷᠭᠡ ᠡᠪᠡᠳᠴᠢᠨ ᠤ ᠢᠯᠡᠷᠡᠯ ᠲᠠᠢ᠃ ᠡᠮᠦᠨ᠎ᠡ ᠨᠢ ᠲᠤᠰ ᠡᠪᠡᠳᠴᠢᠨ ᠶᠡᠷᠦ ᠲᠡᠯᠬᠡᠷᠡᠵᠦ ᠦᠩᠭᠡᠷᠡᠭᠰᠡᠨ ᠦᠬᠡᠢ ᠭᠠᠵᠠᠷ ᠤᠷᠤᠨ ᠳᠤ ᠬᠡᠷᠪᠡ ᠡᠪᠡᠳᠴᠢᠨ ᠢᠯᠡᠷᠡᠪᠡᠯ ᠴᠢᠩᠭ᠎ᠠ ᠪᠢᠳᠡᠬᠦᠮᠵᠢᠯᠡᠵᠦ᠂ ᠡᠪᠡᠳᠴᠢᠳᠡᠢ ᠬᠤᠨᠢ ᠶᠢ ᠠᠯᠠᠵᠤ᠂ ᠲᠤᠰᠠᠭᠠᠷᠯᠠᠨ ᠠᠷᠢᠭᠤᠳᠬᠠᠬᠤ ᠬᠡᠷᠡᠭᠳᠡᠢ᠃ ᠲᠤᠰ ᠡᠪᠡᠳᠴᠢᠨ ᠤ ᠰᠡᠷᠬᠡᠶᠢᠯᠡᠯᠳᠡ ᠨᠢ ᠭᠤᠤᠯᠳᠠᠭᠤ ᠡᠬᠡᠯᠢᠯᠡᠪᠦᠷᠢ ᠶᠢᠨ ᠲᠠᠷᠢᠯᠭ᠎ᠠ ᠳᠤ ᠲᠦᠰᠢᠭᠯᠡᠨ᠎ᠡ᠃ ᠡᠬᠡᠯᠢᠯᠡᠪᠦᠷᠢ ᠶᠢᠨ ᠬᠤᠭᠤᠴᠠᠭ᠎ᠠ ᠨᠢ 36 ᠰᠠᠷ᠎ᠠ᠃ ᠸᠠᠺᠼᠢᠨ ᠤ ᠲᠤᠳᠤᠷᠬᠠᠶᠢᠯᠠᠯᠳᠠ ᠶᠢᠨ ᠪᠢᠴᠢᠭ ᠶᠤᠰᠤᠭᠠᠷ ᠡᠬᠡᠯᠢᠯᠡᠪᠦᠷᠢ ᠬᠢᠵᠦ᠂ ᠪᠠᠺᠲ᠋ᠧᠷᠢ ᠦᠬᠡᠶᠢᠳᠡᠬᠦᠯᠦᠭᠰᠡᠨ ᠹᠢᠽᠢᠦᠯᠦᠬᠢ ᠶᠢᠨ ᠲᠠᠪᠤᠰᠤᠨ ᠠᠭᠤᠰᠤᠮᠠᠯ ᠢᠶᠠᠷ ᠰᠢᠩᠭᠡᠷᠡᠭᠦᠯᠵᠦ᠂ ᠬᠤᠨᠢ ᠨᠢᠬᠡᠪᠦᠷᠢ ᠶᠢᠨ ᠰᠢᠯᠢ  ᠶᠢᠨ ᠬᠦᠵᠦᠬᠦᠨ ᠤ ᠠᠷᠠᠰᠤᠨ ᠲᠤᠤᠷ᠎ᠠ ᠲᠠᠷᠢᠨ᠎ᠠ᠃          
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ