ᠡᠷᠳᠡᠨᠢ ᠰᠢᠰᠢ ᠪᠣᠯ ᠦᠶᠡᠲᠦ ᠤᠷᠭᠤᠮᠠᠯ ᠤᠨ ᠢᠵᠠᠭᠤᠷ ᠤᠨ ᠨᠢᠭᠡ ᠨᠠᠰᠤᠲᠤ ᠥᠨᠳᠥᠷ ᠤᠨᠠᠯᠲᠠ ᠲᠠᠢ ᠲᠠᠷᠢᠮᠠᠯ᠂ ᠨᠣᠭᠤᠭᠠᠨ ᠳᠠᠷᠤᠰᠢ ᠶᠢᠨ ᠡᠷᠳᠡᠨᠢ ᠰᠢᠰᠢ | ︵ᠪᠠᠰᠠ ᠲᠡᠵᠢᠭᠡᠯ ᠪᠣᠷᠳᠤᠭ᠎ᠠ ᠶᠢᠨ ᠡᠷᠳᠡᠨᠢ ᠰᠢᠰᠢ ᠭᠡᠳᠡᠭ︶ ᠨᠢ ᠡᠷᠳᠡᠨᠢ ᠰᠢᠰᠢ ᠶᠢᠨ ᠡᠭᠦᠯᠳᠡᠷ ᠢ ᠵᠢᠭᠠᠳᠠᠭ ᠦᠭᠡᠢ᠂ ᠬᠠᠷᠢᠨ ᠬᠡᠷᠡᠭᠴᠡᠭᠡ ᠶᠢ ᠨᠢ ᠦᠨᠳᠦᠰᠦᠯᠡᠵᠦ᠂ | ᠨᠣᠭᠤᠭᠠᠨ ᠳᠠᠷᠤᠰᠢ ᠶᠢᠨ ᠡᠷᠳᠡᠨᠢ ᠰᠢᠰᠢ ᠪᠣᠯ ᠰᠢᠨ᠎ᠡ ᠰᠣᠷᠭᠤᠭ ᠡᠷᠳᠡᠨᠢ ᠰᠢᠰᠢ ᠶᠢ ᠨᠣᠭᠤᠭᠠᠨ ᠳᠠᠷᠤᠰᠢ ᠶᠢᠨ ᠵᠣᠭᠤᠷᠢᠨ ᠳᠤ ᠬᠠᠳᠠᠭᠠᠯᠠᠵᠤ᠂ ᠢᠰᠬᠡᠵᠦ ᠪᠠᠶᠢᠭᠠᠳ | ᠲᠡᠵᠢᠭᠡᠯ ᠪᠣᠷᠳᠤᠭ᠎ᠠ ᠪᠤᠶᠤ ᠠᠵᠤ ᠦᠢᠯᠡᠳᠪᠦᠷᠢ ᠶᠢᠨ ᠲᠦᠭᠦᠬᠡᠢ ᠮᠠᠲ᠋ᠧᠷᠢᠶᠠᠯ ᠪᠣᠯᠭᠠᠳᠠᠭ᠃ ᠨᠣᠭᠤᠭᠠᠨ ᠳᠠᠷᠤᠰᠢ ᠶᠢᠨ ᠡᠷᠳᠡᠨᠢ ᠰᠢᠰᠢ ᠪᠣᠯ ᠲᠠᠷᠢᠶᠠᠯᠠᠩ ᠤᠨ | ᠦᠢᠯᠡᠳᠪᠦᠷᠢᠯᠡᠯ ᠤᠨ ᠵᠠᠩᠰᠢᠯ ᠢᠶᠠᠷ ᠨᠢᠭᠡᠳᠦᠭᠡᠷ ᠲᠥᠷᠥᠯ ᠤᠨ ᠬᠡᠷᠡᠭᠴᠡᠭᠡᠨ ᠤ ᠡᠷᠳᠡᠨᠢ ᠰᠢᠰᠢ ᠶᠢᠨ ᠶᠡᠷᠦᠩᠬᠡᠢ ᠨᠡᠷᠡᠶᠢᠳᠦᠯ ᠪᠣᠯᠣᠨ᠎ᠠ᠃ ᠨᠣᠭᠤᠭᠠᠨ ᠳᠠᠷᠤᠰᠢ ᠶᠢᠨ | ᠡᠷᠳᠡᠨᠢ ᠰᠢᠰᠢ ᠨᠢ ᠡᠩ ᠤᠨ ᠦᠷᠡᠲᠦ ᠡᠷᠳᠡᠨᠢ ᠰᠢᠰᠢ ᠲᠠᠢ ᠠᠳᠠᠯᠢ ᠦᠭᠡᠢ᠂ ᠭᠤᠣᠯ ᠢᠯᠭᠠᠭ᠎ᠠ ᠨᠢ᠄ 1. ᠨᠣᠭᠤᠭᠠᠨ ᠳᠠᠷᠤᠰᠢ ᠶᠢᠨ ᠡᠷᠳᠡᠨᠢ ᠰᠢᠰᠢ ᠶᠢᠨ | ᠰᠠᠭᠤᠷᠢ ᠨᠢ ᠥᠨᠳᠥᠷ ᠲᠣᠮᠣ᠂ 2.5 ~ 3.5 m ᠪᠠᠶᠢᠵᠤ᠂ ᠬᠠᠮᠤᠭ ᠥᠨᠳᠥᠷ ᠲᠡᠭᠡᠨ 4m ᠬᠦᠷᠴᠦ᠂ ᠰᠢᠨ᠎ᠡ ᠰᠣᠷᠭᠤᠭ ᠢᠳᠡᠭᠡᠨ ᠤ ᠡᠰᠢ ᠰᠦᠷᠡᠯ | ᠦᠢᠯᠡᠳᠪᠦᠷᠢᠯᠡᠬᠦ ᠪᠠᠷ ᠭᠤᠣᠯᠯᠠᠵᠤ᠂ ᠦᠷᠡᠲᠦ ᠡᠷᠳᠡᠨᠢ ᠰᠢᠰᠢ ᠨᠢ ᠬᠠᠷᠢᠨ ᠡᠷᠳᠡᠨᠢ ᠰᠢᠰᠢ ᠶᠢᠨ ᠦᠷ᠎ᠡ ᠶᠢ ᠦᠢᠯᠡᠳᠪᠦᠷᠢᠯᠡᠬᠦ ᠪᠠᠷ ᠭᠤᠣᠯᠯᠠᠳᠠᠭ᠃ 2. | ᠬᠤᠷᠢᠶᠠᠯᠲᠠ ᠶᠢᠨ ᠬᠤᠭᠤᠴᠠᠭ᠎ᠠ ᠨᠢ ᠠᠳᠠᠯᠢ ᠦᠭᠡᠢ᠄ ᠨᠣᠭᠤᠭᠠᠨ ᠳᠠᠷᠤᠰᠢ ᠶᠢᠨ ᠡᠷᠳᠡᠨᠢ ᠰᠢᠰᠢ ᠶᠢᠨ ᠬᠠᠮᠤᠭ ᠤᠨ ᠰᠠᠶᠢᠨ ᠬᠤᠷᠢᠶᠠᠯᠲᠠ ᠶᠢᠨ ᠬᠤᠭᠤᠴᠠᠭ᠎ᠠ ᠪᠣᠯ | ᠦᠷ᠎ᠡ ᠶᠢᠨ ᠰᠦ ᠪᠣᠯᠪᠠᠰᠤᠷᠠᠭᠰᠠᠨ ᠤ ᠰᠡᠭᠦᠯᠴᠢ ᠶᠢᠨ ᠬᠤᠭᠤᠴᠠᠭ᠎ᠠ ᠠᠴᠠ ᠳᠤᠮᠳᠠ ᠪᠣᠯᠪᠠᠰᠤᠷᠠᠭᠰᠠᠨ ᠬᠤᠭᠤᠴᠠᠭᠠᠨ ᠤ ᠡᠮᠦᠨᠡᠬᠢ ᠬᠤᠭᠤᠴᠠᠭ᠎ᠠ ᠪᠣᠯᠣᠨ᠎ᠠ᠂ ᠡᠨᠡ | ᠦᠶ᠎ᠡ ᠳᠤ ᠤᠨᠠᠯᠲᠠ ᠨᠢ ᠬᠠᠮᠤᠭ ᠤᠨ ᠥᠨᠳᠥᠷ᠂ ᠰᠢᠮ᠎ᠡ ᠲᠡᠵᠢᠭᠡᠯ ᠤᠨ ᠥᠷᠲᠡᠭ ᠨᠢ ᠴᠦ ᠬᠠᠮᠤᠭ ᠤᠨ ᠰᠠᠶᠢᠨ ᠪᠠᠶᠢᠳᠠᠭ᠂ ᠬᠠᠷᠢᠨ ᠦᠷ᠎ᠡ ᠶᠢᠨ ᠡᠷᠳᠡᠨᠢ ᠰᠢᠰᠢ ᠶᠢᠨ | ᠬᠤᠷᠢᠶᠠᠯᠲᠠ ᠶᠢᠨ ᠬᠤᠭᠤᠴᠠᠭ᠎ᠠ ᠨᠢ ᠡᠷᠬᠡᠪᠰᠢ ᠪᠦᠷᠢᠨ ᠪᠣᠯᠪᠠᠰᠤᠷᠠᠭᠰᠠᠨ ᠤ ᠳᠠᠷᠠᠭ᠎ᠠ ᠪᠠᠶᠢᠬᠤ ᠬᠡᠷᠡᠭᠲᠡᠢ᠃ 3. ᠨᠣᠭᠤᠭᠠᠨ ᠳᠠᠷᠤᠰᠢ ᠶᠢᠨ ᠡᠷᠳᠡᠨᠢ ᠰᠢᠰᠢ ᠶᠢ | ᠭᠤᠣᠯᠳᠠᠭᠤ ᠲᠡᠵᠢᠭᠡᠯ ᠪᠣᠷᠳᠤᠭ᠎ᠠ ᠳᠤ ᠬᠡᠷᠡᠭᠯᠡᠳᠡᠭ᠂ ᠦᠷᠡᠲᠦ ᠡᠷᠳᠡᠨᠢ ᠰᠢᠰᠢ ᠶᠢ ᠲᠡᠵᠢᠭᠡᠯ ᠪᠣᠷᠳᠤᠭ᠎ᠠ ᠳᠤ ᠬᠡᠷᠡᠭᠯᠡᠬᠦ ᠠᠴᠠ ᠭᠠᠳᠠᠨ᠎ᠠ ᠪᠠᠰᠠ ᠴᠢᠬᠤᠯᠠ ᠠᠮᠤ ᠪᠤᠳᠠᠭ᠎ᠠ | ᠪᠠ ᠠᠵᠤ ᠦᠢᠯᠡᠳᠪᠦᠷᠢ ᠶᠢᠨ ᠲᠦᠭᠦᠬᠡᠢ ᠡᠳ᠋ ᠪᠣᠯᠣᠨ᠎ᠠ᠃ | 1. ᠬᠤᠷᠢᠶᠠᠯᠲᠠ ᠶᠢᠨ ᠬᠤᠭᠤᠴᠠᠭ᠎ᠠ᠄ | ᠨᠣᠭᠤᠭᠠᠨ ᠳᠠᠷᠤᠰᠢ ᠶᠢᠨ ᠡᠷᠳᠡᠨᠢ ᠰᠢᠰᠢ ᠶᠢᠨ ᠬᠠᠮᠤᠭ ᠤᠨ ᠲᠣᠬᠢᠷᠠᠮᠵᠢᠲᠠᠢ ᠬᠠᠳᠤᠬᠤ ᠬᠤᠭᠤᠴᠠᠭ᠎ᠠ ᠪᠣᠯ ᠡᠷᠳᠡᠨᠢ ᠰᠢᠰᠢ ᠶᠢᠨ ᠦᠷ᠎ᠡ ᠶᠢᠨ ᠰᠦᠨ ᠤ | ᠪᠣᠯᠪᠠᠰᠤᠷᠠᠯᠲᠠ ᠶᠢᠨ ᠰᠡᠭᠦᠯᠴᠢ ᠶᠢᠨ ᠬᠤᠭᠤᠴᠠᠭ᠎ᠠ ᠠᠴᠠ ᠳᠤᠮᠳᠠ ᠪᠣᠯᠪᠠᠰᠤᠷᠠᠬᠤ ᠬᠤᠭᠤᠴᠠᠭ᠎ᠠ ᠶᠢᠨ ᠡᠬᠢᠨ ᠤ ᠬᠤᠭᠤᠴᠠᠭ᠎ᠠ ᠪᠣᠯᠣᠨ᠎ᠠ᠂ ᠡᠨᠡ ᠦᠶ᠎ᠡ ᠳᠤ | ᠬᠤᠷᠢᠶᠠᠯᠲᠠ ᠨᠢ ᠤᠨᠠᠯᠲᠠ ᠪᠠ ᠰᠢᠮ᠎ᠡ ᠲᠡᠵᠢᠭᠡᠯ ᠤᠨ ᠦᠷᠳᠡᠭ ᠤᠨ ᠬᠠᠮᠤᠭ ᠤᠨ ᠰᠠᠶᠢᠨ ᠬᠡᠮᠵᠢᠭᠳᠡᠯ ᠢ ᠣᠯᠵᠤ ᠪᠣᠯᠣᠨ᠎ᠠ᠃ ᠬᠠᠷᠠᠮᠥ᠋ᠷᠡᠨ ᠮᠤᠵᠢ ᠶᠢᠨ ᠨᠢᠭᠡᠳᠦᠭᠡᠷ᠂ | ᠬᠤᠶᠠᠳᠤᠭᠠᠷ ᠦᠷᠡᠵᠢᠪᠦᠷᠢ ᠶᠢᠨ ᠰᠡᠷᠢᠭᠦᠨ ᠪᠦᠰᠡ ᠳᠤ 8 ᠰᠠᠷ᠎ᠠ ᠶᠢᠨ ᠳᠤᠮᠳᠠᠴᠢ ᠪᠠᠷ ᠬᠤᠷᠢᠶᠠᠵᠤ᠂ ᠭᠤᠷᠪᠠᠳᠤᠭᠠᠷ᠂ ᠳᠥᠷᠪᠡᠳᠦᠭᠡᠷ ᠦᠷᠡᠵᠢᠪᠦᠷᠢ ᠶᠢᠨ ᠰᠡᠷᠢᠭᠦᠨ | ᠪᠦᠰᠡ ᠳᠤ 8 ᠰᠠᠷ᠎ᠠ ᠶᠢᠨ ᠰᠡᠭᠦᠯᠴᠢ ᠠᠴᠠ 9 ᠰᠠᠷ᠎ᠠ ᠶᠢᠨ ᠡᠬᠢ ᠪᠠᠷ ᠬᠤᠷᠢᠶᠠᠳᠠᠭ᠃ ᠬᠤᠷᠢᠶᠠᠯᠲᠠ ᠶᠢᠨ ᠦᠶ᠎ᠡ ᠳᠤ ᠲᠤᠩᠭᠠᠯᠠᠭ ᠰᠠᠶᠢᠬᠠᠨ ᠡᠳᠦᠷ ᠢ ᠰᠣᠩᠭᠤᠵᠤ᠂ | ᠪᠣᠷᠣᠭᠠᠨ ᠤ ᠤᠯᠠᠷᠢᠯ ᠢ ᠵᠠᠶᠢᠯᠠᠰᠬᠢᠵᠦ ᠬᠤᠷᠢᠶᠠᠨ᠂ ᠪᠣᠷᠣᠭᠠᠨ ᠬᠡᠲᠦᠷᠬᠡᠢ ᠠᠷᠪᠢᠨ ᠪᠣᠯᠤᠭᠰᠠᠨ ᠠᠴᠠ ᠨᠣᠭᠤᠭᠠᠨ ᠳᠠᠷᠤᠰᠢ ᠶᠢᠨ ᠲᠡᠵᠢᠭᠡᠯ ᠪᠣᠷᠳᠣᠭᠠᠨ ᠤ ᠶᠠᠰᠤ | ᠴᠢᠨᠠᠷ ᠢ ᠨᠥᠯᠥᠭᠡᠯᠡᠬᠦ ᠠᠴᠠ ᠵᠠᠶᠢᠯᠠᠰᠬᠢᠬᠦ ᠬᠡᠷᠡᠭᠲᠡᠢ᠃ ᠨᠣᠭᠤᠭᠠᠨ ᠳᠠᠷᠤᠰᠢ ᠶᠢᠨ ᠡᠷᠳᠡᠨᠢ ᠰᠢᠰᠢ ᠶᠢ ᠬᠠᠳᠤᠵᠤ ᠬᠤᠷᠢᠶᠠᠭᠰᠠᠨ ᠤ ᠳᠠᠷᠠᠭ᠎ᠠ ᠴᠢᠳᠠᠬᠤ ᠶᠢᠨ ᠬᠢᠷᠢ ᠪᠠᠷ | ᠣᠬᠤᠷᠬᠠᠨ ᠬᠤᠭᠤᠴᠠᠭᠠᠨ ᠳᠤ ᠳᠠᠷᠤᠰᠢᠭᠤᠯᠵᠤ ᠳᠠᠭᠤᠰᠬᠠᠨ᠎ᠠ᠂ ᠬᠡᠲᠦᠷᠬᠡᠢ ᠤᠷᠲᠤ ᠬᠤᠭᠤᠴᠠᠭ᠎ᠠ ᠪᠠᠷ ᠬᠤᠶᠢᠰᠢᠯᠠᠭᠤᠯᠵᠤ ᠪᠣᠯᠬᠤ ᠦᠭᠡᠢ᠂ ᠪᠣᠷᠣᠭᠠᠨ ᠣᠷᠣᠬᠤ | ᠪᠤᠶᠤ ᠥᠪᠡᠷ ᠤᠨ ᠪᠡᠶ᠎ᠡ ᠶᠢᠨ ᠢᠰᠬᠡᠯᠲᠡ ᠠᠴᠠ ᠪᠣᠯᠵᠤ ᠬᠤᠬᠢᠷᠠᠯ ᠭᠠᠷᠬᠤ ᠠᠴᠠ ᠵᠠᠶᠢᠯᠠᠰᠬᠢᠨ᠎ᠡ᠃ | 2. ᠬᠤᠷᠢᠶᠠᠯᠲᠠ ᠠᠪᠬᠤ ᠠᠷᠭ᠎ᠠ᠄ | ᠲᠠᠯᠠᠪᠠᠢ ᠶᠡᠬᠡᠳᠡᠢ ᠨᠣᠭᠤᠭᠠᠨ ᠳᠠᠷᠤᠰᠢ ᠶᠢᠨ ᠡᠷᠳᠡᠨᠢ ᠰᠢᠰᠢ ᠶᠢᠨ ᠲᠠᠷᠢᠶ᠎ᠠ ᠶᠢ ᠪᠦᠷ ᠮᠠᠰᠢᠨ ᠢᠶᠠᠷ ᠬᠤᠷᠢᠶᠠᠳᠠᠭ᠃ ᠲᠡᠩ ᠳᠠᠯᠠᠩ ᠢᠶᠠᠷ ᠬᠠᠳᠤᠵᠤ ᠬᠤᠷᠢᠶᠠᠬᠤ | ᠮᠠᠰᠢᠨ ᠲᠠᠢ ᠪᠥᠭᠡᠳ ᠪᠠᠰᠠ 6 ᠳᠠᠯᠠᠩ ᠢᠶᠠᠷ ᠬᠠᠳᠤᠵᠤ ᠬᠤᠷᠢᠶᠠᠬᠤ ᠮᠠᠰᠢᠨ ᠲᠠᠢ ᠪᠠᠶᠢᠳᠠᠭ᠃ ᠬᠠᠳᠤᠵᠤ ᠬᠤᠷᠢᠶᠠᠬᠤ ᠶᠢᠨ ᠬᠠᠮᠲᠤ ᠣᠬᠤᠷ ᠬᠡᠷᠴᠢᠬᠦ ᠶᠢᠨ ᠳᠠᠭᠠᠤ | ᠴᠢᠷᠭᠡᠦᠯ ᠲᠡᠷᠭᠡᠨ ᠳᠤ ᠬᠢᠵᠦ᠂ ᠴᠢᠷᠭᠡᠦᠯ ᠲᠡᠷᠭᠡ ᠶᠢ ᠳᠦᠭᠦᠷᠭᠡᠭᠰᠡᠨ ᠤ ᠳᠠᠷᠠᠭ᠎ᠠ ᠨᠣᠭᠤᠭᠠᠨ ᠳᠠᠷᠤᠰᠢ ᠶᠢᠨ ᠵᠣᠭᠤᠷᠢ ᠳᠤ ᠬᠦᠷᠭᠡᠨ ᠬᠢᠵᠦ ᠣᠷᠣᠭᠤᠯᠤᠨ᠎ᠠ᠃ ᠪᠠᠭ᠎ᠠ | ᠲᠠᠯᠠᠪᠠᠢ ᠲᠠᠢ ᠨᠣᠭᠤᠭᠠᠨ ᠳᠠᠷᠤᠰᠢ ᠶᠢᠨ ᠲᠡᠵᠢᠭᠡᠯ ᠪᠣᠷᠳᠤᠭ᠎ᠠ ᠶᠢᠨ ᠭᠠᠵᠠᠷ ᠢ ᠬᠥᠮᠥᠨ ᠤ ᠬᠦᠴᠦ ᠪᠠᠷ ᠬᠠᠳᠤᠵᠤ ᠬᠤᠷᠢᠶᠠᠨ᠂ ᠪᠦᠬᠦᠯᠢ ᠰᠠᠭᠤᠷᠢ ᠡᠷᠳᠡᠨᠢ ᠰᠢᠰᠢ ᠶᠢᠨ | ᠡᠰᠢ ᠰᠦᠷᠡᠯ ᠢ ᠨᠣᠭᠤᠭᠠᠨ ᠳᠠᠷᠤᠰᠢ ᠶᠢᠨ ᠵᠣᠭᠤᠷᠢ ᠶᠢᠨ ᠣᠶᠢᠷᠠᠯᠴᠠᠭ᠎ᠠ ᠵᠥᠭᠡᠭᠡᠪᠦᠷᠢᠯᠡᠨ ᠠᠪᠴᠢᠷᠠᠭᠰᠠᠨ ᠤ ᠳᠠᠷᠠᠭ᠎ᠠ᠂ ᠣᠬᠤᠷ ᠬᠡᠷᠴᠢᠵᠦ ᠵᠣᠭᠤᠷᠢ ᠵᠤᠭᠤᠷᠢᠯᠠᠨᠠ᠃ | | ᠨᠣᠭᠤᠭᠠᠨ ᠳᠠᠷᠤᠰᠢ ᠶᠢᠨ ᠡᠷᠳᠡᠨᠢ ᠰᠢᠰᠢ ᠶᠢ ᠬᠤᠷᠢᠶᠠᠬᠤ ᠳᠠᠭᠠᠨ ᠵᠠᠪᠠᠯ ᠨᠣᠭᠤᠭᠠᠨ ᠳᠠᠷᠤᠰᠢ ᠶᠢᠨ ᠡᠷᠳᠡᠨᠢ ᠰᠢᠰᠢ ᠶᠢᠨ ᠡᠰᠢ ᠰᠦᠷᠡᠯ ᠢ ᠵᠣᠬᠢᠬᠤ | ᠬᠡᠮᠵᠢᠶᠡᠨ ᠤ ᠤᠰᠤᠨ ᠤ ᠠᠭᠤᠯᠤᠭᠳᠠᠴᠠ ᠲᠠᠢ ᠪᠠᠶᠢᠯᠭᠠᠵᠤ᠂ ᠬᠡᠪ ᠤᠨ ᠪᠠᠶᠢᠳᠠᠯ ᠳᠣᠣᠷ᠎ᠠ ᠨᠣᠭᠤᠭᠠᠨ ᠳᠠᠷᠤᠰᠢ ᠶᠢᠨ ᠡᠷᠳᠡᠨᠢ ᠰᠢᠰᠢ ᠶᠢᠨ ᠤᠰᠤᠨ ᠤ | ᠠᠭᠤᠯᠤᠭᠳᠠᠴᠠ ᠶᠢ 65%~75% ᠪᠠᠷ ᠪᠠᠶᠢᠯᠭᠠᠬᠤ ᠶᠢ ᠱᠠᠭᠠᠷᠳᠠᠨ᠎ᠠ᠂ ᠬᠡᠷᠪᠡ ᠨᠣᠭᠤᠭᠠᠨ ᠳᠠᠷᠤᠰᠢ ᠶᠢᠨ ᠡᠷᠳᠡᠨᠢ ᠰᠢᠰᠢ ᠶᠢᠨ ᠡᠰᠢ ᠰᠦᠷᠡᠯ ᠢ | ᠬᠤᠷᠢᠶᠠᠬᠤ ᠳᠠᠭᠠᠨ ᠤᠰᠤᠨ ᠤ ᠠᠭᠤᠯᠤᠭᠳᠠᠴᠠ ᠨᠢ ᠬᠡᠲᠦᠷᠬᠡᠢ ᠥᠨᠳᠥᠷ ᠪᠠᠶᠢᠪᠠᠯ ᠣᠬᠤᠷ ᠬᠡᠷᠴᠢᠬᠦ ᠠᠴᠠ ᠡᠮᠦᠨ᠎ᠡ ᠵᠣᠬᠢᠬᠤ ᠬᠡᠮᠵᠢᠶ᠎ᠡ ᠪᠠᠷ ᠡᠭᠡᠭᠡᠵᠦ᠂ 1~2 | ᠡᠳᠦᠷ ᠤᠨ ᠳᠠᠷᠠᠭ᠎ᠠ ᠳᠠᠬᠢᠨ ᠣᠬᠤᠷ ᠬᠡᠷᠴᠢᠵᠦ᠂ ᠵᠣᠭᠤᠷᠢᠨ ᠳᠤ ᠬᠢᠵᠦ ᠣᠷᠣᠭᠤᠯᠤᠨ᠎ᠠ᠃ ᠤᠰᠤᠨ ᠤ ᠬᠡᠮᠵᠢᠶ᠎ᠡ ᠬᠡᠳᠦ ᠳᠣᠣᠷ᠎ᠠ ᠪᠣᠯᠪᠠᠯ ᠨᠣᠭᠤᠭᠠᠨ ᠳᠠᠷᠤᠰᠢ ᠶᠢᠨ | ᠲᠡᠵᠢᠭᠡᠯ ᠪᠣᠷᠳᠤᠭ᠎ᠠ ᠶᠢ ᠵᠤᠭᠤᠷᠢᠯᠠᠨ ᠳᠠᠷᠤᠰᠢᠭᠤᠯᠬᠤ ᠳᠤ ᠠᠰᠢᠭ ᠦᠭᠡᠢ᠂ ᠨᠣᠭᠤᠭᠠᠨ ᠳᠠᠷᠤᠰᠢ ᠶᠢᠨ ᠲᠡᠵᠢᠭᠡᠯ ᠪᠣᠷᠳᠤᠭ᠎ᠠ ᠶᠢ ᠠᠮᠠᠷᠬᠠᠨ ᠸᠠᠯᠠᠵᠤ ᠬᠤᠪᠢᠷᠠᠭᠤᠯᠳᠠᠭ᠂ | ᠡᠶᠢᠮᠦ ᠠᠴᠠ ᠲᠣᠬᠢᠷᠠᠮᠵᠢᠲᠠᠢ ᠬᠠᠳᠤᠵᠤ ᠬᠤᠷᠢᠶᠠᠬᠤ ᠬᠤᠭᠤᠴᠠᠭ᠎ᠠ ᠶᠢ ᠰᠣᠩᠭᠤᠬᠤ ᠨᠢ ᠲᠦᠢᠯ ᠤᠨ ᠴᠢᠬᠤᠯᠠ ᠶᠤᠮ᠃ | 3. ᠣᠷᠤᠭᠤᠯᠬᠤ᠂ ᠳᠠᠷᠤᠰᠢᠭᠤᠯᠬᠤ᠂ ᠪᠢᠲᠡᠭᠦᠮᠵᠢᠯᠡᠬᠦ᠄ | ᠣᠬᠤᠷ ᠬᠡᠷᠴᠢᠭᠰᠡᠨ ᠨᠣᠭᠤᠭᠠᠨ ᠳᠠᠷᠤᠰᠢ ᠶᠢᠨ ᠲᠡᠵᠢᠭᠡᠯ ᠪᠣᠷᠳᠤᠭ᠎ᠠ ᠶᠢ ᠨᠣᠭᠤᠭᠠᠨ ᠳᠠᠷᠤᠰᠢ ᠶᠢᠨ ᠵᠣᠭᠤᠷᠢᠨ ᠳᠤ ᠳᠠᠪᠬᠤᠷᠯᠠᠨ ᠳᠦᠭᠦᠷᠭᠡᠵᠦ᠂ | ᠳᠦᠭᠦᠷᠭᠡᠬᠦ ᠶᠢᠨ ᠳᠠᠭᠠᠤ ᠳᠤ ᠳᠠᠷᠤᠵᠤ ᠳᠠᠷᠤᠰᠢᠭᠤᠯᠵᠤ᠂ ᠵᠣᠭᠤᠷᠢ ᠶᠢ ᠳᠦᠭᠦᠷᠭᠡᠲᠡᠯ᠎ᠡ ᠬᠢᠨ᠎ᠡ᠃ ᠳᠦᠭᠦᠷᠭᠡᠭᠰᠡᠨ ᠤ ᠳᠠᠷᠠᠭ᠎ᠠ ᠰᠦᠯᠢᠶᠥᠦ ᠪᠦᠷᠬᠦᠪᠴᠢ ᠪᠠᠷ ᠨᠢᠭᠲᠠ | ᠪᠢᠲᠡᠭᠦᠮᠵᠢᠯᠡᠵᠦ᠂ ᠪᠢᠲᠡᠭᠦᠮᠵᠢᠯᠡᠭᠰᠡᠨ ᠤ ᠳᠠᠷᠠᠭ᠎ᠠ ᠳᠠᠬᠢᠨ 30cm ᠤᠨ ᠨᠠᠷᠢᠨ ᠰᠢᠷᠣᠢ ᠶᠢ ᠪᠦᠲᠡᠭᠡᠬᠦ ᠬᠡᠷᠡᠭᠲᠡᠢ᠃ ᠬᠥᠯᠳᠡᠬᠦ ᠠᠴᠠ ᠰᠡᠷᠭᠡᠶᠢᠯᠡᠬᠦ ᠶᠢᠨ ᠲᠥᠯᠥᠭᠡ᠂ | ᠬᠥᠷᠥᠰᠥᠨ ᠳᠡᠭᠡᠷ᠎ᠡ ᠪᠠᠰᠠ ᠨᠢᠭᠡ ᠳᠠᠪᠬᠤᠷ ᠬᠠᠭᠤᠷᠠᠢ ᠡᠷᠳᠡᠨᠢ ᠰᠢᠰᠢ ᠶᠢᠨ ᠰᠦᠷᠡᠯ᠂ ᠲᠤᠲᠤᠷᠭ᠎ᠠ ᠶᠢᠨ ᠰᠦᠷᠡᠯ ᠪᠣᠶᠤ ᠪᠤᠭᠤᠳᠠᠢ ᠶᠢᠨ ᠰᠦᠷᠡᠯ ᠢ ᠬᠤᠴᠢᠵᠤ | ᠪᠣᠯᠤᠨ᠎ᠠ᠂ ᠬᠥᠯᠳᠡᠬᠦ ᠠᠴᠠ ᠰᠡᠷᠭᠡᠶᠢᠯᠡᠵᠦ᠂ ᠡᠪᠦᠯ ᠤᠨ ᠤᠯᠠᠷᠢᠯ ᠳᠤ ᠪᠣᠷᠳᠤᠭ᠎ᠠ ᠠᠪᠬᠤ ᠳᠤ ᠠᠰᠢᠭᠲᠠᠢ ᠪᠠᠶᠢᠳᠠᠭ᠃ ᠢᠩᠭᠢᠵᠦ ᠬᠢᠭᠰᠡᠨ ᠨᠣᠭᠤᠭᠠᠨ ᠳᠠᠷᠤᠰᠢ ᠶᠢᠨ | ᠡᠷᠳᠡᠨᠢ ᠰᠢᠰᠢ ᠶᠢᠨ ᠪᠣᠷᠳᠤᠭ᠎ᠠ ᠶᠢ 20 ᠡᠳᠦᠷ ᠣᠷᠴᠢᠮ ᠢᠰᠬᠡᠪᠡᠯ ᠪᠣᠯᠴᠢᠬᠠᠨ᠎ᠠ᠂ ᠳᠠᠬᠢᠭᠠᠳ 20 ᠡᠳᠦᠷ ᠤᠨ ᠪᠣᠯᠪᠠᠰᠤᠷᠠᠯᠲᠠ ᠶᠢᠨ ᠶᠠᠪᠤᠴᠠ ᠶᠢ ᠥᠩᠭᠡᠷᠡᠭᠡᠪᠡᠯ | ᠵᠣᠭᠤᠷᠢ ᠪᠠᠨ ᠨᠡᠭᠡᠭᠡᠵᠦ ᠲᠡᠵᠢᠭᠡᠨ᠎ᠡ᠃ ᠡᠨᠡ ᠦᠶ᠎ᠡ ᠶᠢᠨ ᠨᠣᠭᠤᠭᠠᠨ ᠳᠠᠷᠤᠰᠢ ᠶᠢᠨ ᠪᠣᠷᠳᠤᠭᠠᠨ ᠤ ᠦᠨᠦᠷ ᠠᠩᠬᠢᠯᠤᠮ᠎ᠠ᠂ ᠢᠳᠡᠬᠦ ᠳᠤ ᠵᠣᠬᠢᠴᠠᠩᠭᠤᠢ᠂ | ᠰᠢᠩᠭᠡᠭᠡᠯᠲᠡ ᠶᠢᠨ ᠨᠤᠷᠮ᠎ᠠ ᠥᠨᠳᠥᠷ᠂ ᠦᠬᠡᠷ᠂ ᠬᠤᠨᠢ᠂ ᠪᠤᠭᠤ ᠵᠡᠷᠭᠡ ᠶᠢᠨ ᠬᠠᠮᠤᠭ ᠤᠨ ᠰᠠᠶᠢᠨ ᠪᠣᠷᠳᠤᠭ᠎ᠠ ᠪᠣᠯᠣᠨ᠎ᠠ᠃ | |