​ ︽ᠤᠷᠳᠤᠰ︾ ᠨᠡᠷ᠎ᠡ ᠲᠡᠮᠳᠡᠭ 2023 ᠤᠨ ᠤ ᠠᠽᠢᠶ᠎ᠡ ᠲᠢᠪ ᠤᠨ ᠨᠡᠷᠡᠳᠤ ᠲᠡᠮᠳᠡᠭ ᠤᠨ 500 ᠬᠦᠴᠦᠷᠭᠡᠭ ᠲᠤ ᠰᠤᠩᠭᠤᠬᠳᠠᠪᠠ
ᠨᠡᠶᠢᠲᠡᠯᠡᠭᠰᠡᠨ ᠴᠠᠭ᠄
2023/10/8
      ᠲᠦᠷᠦᠭᠦᠭᠡᠨ᠂  ᠳᠡᠯᠡᠭᠡᠢ ᠶᠢᠨ ᠨᠡᠷᠡᠳᠤ ᠲᠡᠮᠳᠡᠭ ᠤᠨ ᠲᠤᠷᠰᠢᠯᠳᠡ ᠶᠢᠨ ᠲᠠᠰᠤᠭ ︵WorldBrand Lab︶ ︽ᠠᠽᠢᠶ᠎ᠡ ᠲᠢᠪ ᠤᠨ ᠨᠡᠷᠡᠳᠤ ᠲᠡᠮᠳᠡᠭ  ᠤᠨ ᠶᠡᠭᠡ ᠬᠤᠷᠠᠯ︾  ᠳᠡᠭᠡᠷ᠎ᠡ 2023 ᠤᠨ ᠤ ︽ᠠᠽᠢᠶ᠎ᠡ ᠲᠢᠪ ᠤᠨ ᠨᠡᠷᠡᠳᠤ ᠲᠡᠮᠳᠡᠭ ᠤᠨ 500 ᠬᠦᠴᠦᠷᠭᠡᠭ︾  ᠤᠨ ᠨᠡᠷᠡᠰ ᠤᠨ ᠵᠢᠬᠰᠠᠭᠠᠯᠳᠡ ᠶᠢ ᠨᠡᠶᠢᠳᠡᠯᠡᠵᠤ᠂  ᠨᠡᠶᠢᠳᠡ 20 ᠤᠯᠤᠰ ᠪᠡ ᠭᠠᠵᠠᠷ ᠤᠷᠤᠨ ᠤ 500 ᠨᠡᠷᠡᠳᠤ ᠲᠡᠮᠳᠡᠭ ᠢ ᠰᠤᠩᠭᠤᠵᠤ᠂ ︽ᠤᠷᠳᠤᠰ︾  ᠨᠡᠷ᠎ᠡ ᠲᠡᠮᠳᠡᠭ ᠨᠢ ᠨᠡᠷᠡᠰ ᠤᠨ ᠵᠢᠬᠰᠠᠭᠠᠯᠳᠡ ᠶᠢᠨ 268 ᠳ᠋ᠤᠭᠠᠷ ᠲᠤ ᠤᠷᠤᠵᠤ᠂ 2022 ᠤᠨ ᠤ ᠬᠢ ᠠᠴᠠ 3 ᠨᠡᠷᠡᠰ ᠲᠠᠪᠰᠢᠵᠠᠢ᠃      ︽ᠲᠤᠮᠳᠠᠳᠤ ᠤᠯᠤᠰ ᠤᠨ 500 ᠬᠠᠮᠤᠭ ᠤᠨ ᠦᠨ᠎ᠡ ᠦᠷᠳᠡᠭ ᠲᠠᠢ ᠨᠡᠷᠡᠳᠤ ᠲᠡᠮᠳᠡᠭ︾  ᠤᠨ ᠵᠠᠳᠠᠯᠤᠯᠳᠡ ᠶᠢᠨ ᠮᠡᠳᠡᠭᠦᠯᠤᠯᠳᠡ ᠳᠤ ᠢᠯᠡᠷᠡᠭᠦᠯᠦᠭᠰᠡᠨ  ᠢᠶᠠᠷ ᠄ ︽ᠤᠷᠳᠤᠰ︾ ᠨᠡᠷ᠎ᠡ ᠲᠡᠮᠳᠡᠭ ᠤᠨ ᠦᠷᠳᠡᠭ ᠨᠢ ᠨᠢᠭᠡᠨᠳᠡ 1565.69 ᠳ᠋ᠦᠡᠭᠰᠢᠭᠤᠷ ᠲᠦᠭᠦᠷᠢᠭ ᠲᠤ ᠬᠦᠷᠴᠤ᠂ 17 ᠵᠢᠯ ᠲᠠᠷᠠᠭᠠᠯᠠᠨ ᠨᠡᠭᠡᠮᠡᠯ ᠬᠤᠪᠴᠠᠰᠤᠨ ᠤ ᠠᠵᠢᠯ ᠲᠦᠷᠦᠯ ᠤᠨ ᠨᠢᠭᠡᠳᠦᠭᠡᠷ ᠲᠤ ᠤᠷᠤᠪᠡ᠃    
ᠢᠷᠡᠯᠲᠡ᠄ ᠲᠤᠯᠠᠭᠠᠨ ᠰᠤᠨᠢᠨ ᠤ ᠸᠢᠴᠠᠲ ᠲᠠᠪᠴᠠᠩ