ᠬᠢᠷᠠᠭᠤ ᠤᠨᠠᠬᠤ ᠪᠣᠯ ᠬᠤᠷᠢᠨ ᠳᠥᠷᠪᠡᠨ ᠴᠠᠭ ᠤᠯᠠᠷᠢᠯ ᠤᠨ ᠨᠢᠭᠡ ᠪᠣᠯᠣᠨ᠎ᠠ᠂ ᠬᠢᠷᠠᠭᠤ ᠤᠨᠠᠭᠰᠠᠭᠠᠷ ᠠᠭᠤᠷ ᠠᠮᠢᠰᠬᠤᠯ ᠠᠭᠠᠵᠢᠮ ᠢᠶᠠᠷ ᠬᠦᠢᠲᠡᠷᠡᠵᠦ᠂ | ᠬᠢᠷᠠᠭᠤ ᠲᠠᠢ ᠪᠣᠯᠤᠭᠰᠠᠨ ᠢ ᠬᠠᠷᠠᠭᠤᠯᠵᠤ ᠪᠠᠶᠢᠨ᠎ᠠ᠂ ᠡᠨᠡ ᠦᠶ᠎ᠡ ᠳᠤ ᠳᠤᠮᠳᠠᠳᠤ ᠤᠯᠤᠰ ᠤᠨ ᠰᠠᠪᠠ ᠭᠠᠵᠠᠷ ᠤᠨ ᠣᠷᠴᠢᠮ ᠳᠤ ᠠᠩᠬᠠᠨ ᠤ ᠬᠢᠷᠠᠭᠤ ᠤᠨᠠᠵᠤ᠂ | ᠶᠡᠬᠡᠩᠬᠢ ᠬᠡᠰᠡᠭ ᠭᠠᠵᠠᠷ ᠲᠤ ᠭᠤᠷᠪᠠᠳᠠᠬᠢ ᠪᠤᠭᠤᠳᠠᠢ ᠶᠢᠨ ᠲᠠᠷᠢᠮᠠᠯ ᠳᠠᠷᠢᠬᠤ ᠪᠠᠷ ᠶᠠᠭᠠᠷᠠᠯᠳᠤᠵᠤ ᠪᠠᠶᠢᠳᠠᠭ᠃ ᠬᠢᠷᠠᠭᠤ ᠤᠨᠠᠬᠤ ᠦᠶ᠎ᠡ ᠶᠢᠨ ᠲᠠᠷᠢᠶᠠᠯᠠᠩ ᠤᠨ | ᠶᠠᠪᠤᠳᠠᠯ ᠤᠨ ᠬᠠᠮᠢᠶᠠᠷᠤᠯᠲᠠ ᠪᠣᠯ ᠲᠦᠢᠯ ᠤᠨ ᠴᠢᠬᠤᠯᠠ ᠶᠤᠮ᠂ ᠳᠣᠣᠷ᠎ᠠ ᠤᠯᠠᠨ ᠳᠤ ᠬᠢᠷᠠᠭᠤ ᠤᠨᠠᠬᠤ ᠴᠠᠭ ᠤᠯᠠᠷᠢᠯ ᠤᠨ ᠲᠠᠷᠢᠶᠠᠯᠠᠩ ᠤᠨ ᠶᠠᠪᠤᠳᠠᠯ ᠤᠨ | ᠠᠵᠢᠯᠯᠠᠭ᠎ᠠ ᠶᠢᠨ ᠵᠦᠭᠯᠡᠭᠦᠷ ᠢ ᠲᠠᠨᠢᠯᠴᠠᠭᠤᠯᠤᠶ᠎ᠠ᠂ ᠪᠢᠳᠡ ᠬᠠᠮᠲᠤ ᠪᠠᠷ ᠦᠵᠡᠶ᠎ᠡ᠃ | ᠢᠳᠡᠰᠢᠨ ᠨᠣᠭᠤᠭ᠎ᠠ ᠶᠢᠨ ᠬᠠᠮᠢᠶᠠᠷᠤᠯᠲᠠ | 1. ᠲᠠᠷᠢᠶᠠᠨ ᠭᠠᠵᠠᠷ ᠤᠨ ᠡᠰᠢ ᠰᠦᠷᠡᠯ ᠢ ᠴᠡᠪᠡᠷᠯᠡᠵᠦ᠂ ᠬᠥᠷᠥᠰᠥ ᠶᠢ ᠭᠦᠨ ᠤᠷᠪᠠᠭᠤᠯᠵᠤ᠂ ᠡᠪᠡᠳᠴᠢᠨ ᠬᠤᠷᠣᠬᠠᠢ ᠶᠢᠨ ᠭᠠᠮᠰᠢᠭ ᠡᠭᠦᠰᠬᠦ ᠶᠢ | ᠪᠠᠭᠠᠰᠬᠠᠨ᠎ᠠ᠃ ᠴᠤᠭᠤᠷ ᠨᠣᠭᠤᠭ᠎ᠠ᠂ ᠬᠥᠬᠡ ᠨᠣᠭᠤᠭ᠎ᠠ᠂ ᠯᠤᠤᠪᠠᠩ ᠵᠡᠷᠭᠡ ᠬᠦᠢᠲᠡᠨ ᠳᠤ ᠲᠡᠰᠪᠦᠷᠢᠲᠡᠢ ᠢᠳᠡᠰᠢᠨ ᠨᠣᠭᠤᠭ᠎ᠠ ᠶᠢ ᠤᠰᠤᠯᠠᠬᠤ᠂ ᠬᠤᠷᠣᠬᠠᠶᠢᠲᠤᠬᠤ ᠶᠢ | ᠰᠡᠷᠭᠡᠶᠢᠯᠡᠬᠦ ᠵᠡᠷᠭᠡ ᠬᠠᠮᠢᠶᠠᠷᠤᠯᠲᠠ ᠶᠢᠨ ᠠᠵᠢᠯ ᠢ ᠴᠢᠩᠭᠠᠳᠬᠠᠬᠤ ᠬᠡᠷᠡᠭᠲᠡᠢ᠃ | 2. ᠬᠦᠯᠡᠮᠵᠢ ᠶᠢᠨ ᠲᠥᠪᠡᠳ ᠬᠠᠰᠢ᠂ ᠥᠷᠭᠡᠰᠦᠲᠦ ᠬᠡᠮᠬᠡ᠂ ᠬᠠᠰᠢ᠂ ᠯᠠᠵᠤᠤ ᠵᠡᠷᠭᠡ ᠳᠤᠯᠠᠭᠠᠨᠰᠠᠭ ᠲᠠᠷᠢᠮᠠᠯ ᠤᠨ ᠳᠤᠯᠠᠭᠠᠨ ᠢ ᠬᠠᠮᠠᠭᠠᠯᠠᠵᠤ ᠬᠦᠢᠲᠡᠨ ᠢ | ᠰᠡᠷᠭᠡᠶᠢᠯᠡᠬᠦ ᠶᠢ ᠴᠢᠩᠭᠠᠳᠬᠠᠬᠤ ᠶᠢᠨ ᠬᠠᠮᠲᠤ ᠵᠣᠬᠢᠬᠤ ᠴᠠᠭ ᠳᠤᠨᠢ ᠤᠰᠤᠯᠠᠬᠤ ᠪᠠ ᠴᠠᠭ ᠲᠤᠬᠠᠢ ᠳᠤᠨᠢ ᠲᠡᠭᠦᠵᠦ ᠬᠤᠷᠢᠶᠠᠬᠤ ᠬᠡᠷᠡᠭᠲᠡᠢ᠃ ᠬᠦᠯᠡᠮᠵᠢ ᠶᠢᠨ | ᠳᠣᠲᠣᠷᠠᠬᠢ ᠳᠤᠯᠠᠭᠠᠨ ᠴᠢᠬᠢᠭ ᠤᠨ ᠬᠡᠮᠵᠢᠶ᠎ᠡ ᠶᠢ ᠡᠵᠡᠮᠳᠡᠵᠦ᠂ ᠬᠥᠭᠡᠴᠦ ᠶᠢᠨ ᠡᠪᠡᠳᠴᠢᠨ᠂ ᠴᠠᠭᠠᠨ ᠬᠥᠭᠡᠴᠦ ᠶᠢᠨ ᠡᠪᠡᠳᠴᠢᠨ᠂ ᠬᠢᠵᠢᠭ ᠡᠪᠡᠳᠴᠢᠨ ᠵᠡᠷᠭᠡ | ᠡᠪᠡᠳᠴᠢᠨ ᠤ ᠬᠥᠨᠥᠭᠡᠯ ᠢ ᠤᠷᠢᠳᠴᠢᠯᠠᠨ ᠰᠡᠷᠭᠡᠶᠢᠯᠡᠬᠦ ᠬᠡᠷᠡᠭᠲᠡᠢ᠃ | 3. ᠬᠢᠷᠠᠭᠤ ᠤᠨᠠᠬᠤ ᠦᠶ᠎ᠡ ᠳᠤ᠂ ᠤᠮᠠᠷᠠᠲᠤ ᠣᠷᠣᠨ ᠤ ᠶᠡᠬᠡᠩᠬᠢ ᠬᠡᠰᠡᠭ ᠭᠠᠵᠠᠷ ᠲᠤ ᠨᠢᠭᠡᠨᠲᠡ ᠨᠠᠮᠤᠷ ᠤᠨ ᠬᠤᠷᠢᠶᠠᠯᠲᠠ ᠶᠢᠨ ᠰᠡᠭᠦᠯ ᠳᠤ ᠣᠷᠣᠵᠤ᠂ | ᠬᠦᠢᠲᠡᠨ ᠳᠤ ᠲᠡᠰᠪᠦᠷᠢᠲᠡᠢ ᠰᠣᠩᠭᠢᠨ᠎ᠠ ᠴᠤ ᠭᠡᠰᠡᠨ ᠳᠠᠬᠢᠨ ᠤᠷᠭᠤᠵᠤ ᠳᠡᠶᠢᠯᠬᠦ ᠦᠭᠡᠢ ᠪᠣᠯᠤᠭᠰᠠᠨ ᠲᠤᠯᠠ ᠴᠠᠭ ᠲᠤᠬᠠᠢ ᠳᠤᠨᠢ ᠲᠡᠭᠦᠵᠦ ᠬᠤᠷᠢᠶᠠᠬᠤ ᠬᠡᠷᠡᠭᠲᠡᠢ᠃ | ᠤᠮᠠᠷᠠᠲᠤ ᠣᠷᠣᠨ ᠤ ᠴᠠᠭᠠᠨ ᠨᠣᠭᠤᠭ᠎ᠠ ᠤᠳᠠᠯ ᠦᠭᠡᠢ ᠬᠤᠷᠢᠶᠠᠬᠤ ᠭᠡᠵᠦ ᠪᠠᠶᠢᠨ᠎ᠠ᠂ ᠲᠠᠷᠢᠶᠠᠴᠢᠨ ᠡᠷᠤᠭᠡ ᠨᠦᠭᠦᠳ ᠰᠡᠭᠦᠯᠴᠢ ᠶᠢᠨ ᠬᠤᠭᠤᠴᠠᠭᠠᠨ ᠤ | ᠬᠠᠮᠢᠶᠠᠷᠤᠯᠲᠠ ᠪᠠᠨ ᠴᠢᠩᠭᠠᠳᠬᠠᠬᠤ ᠬᠡᠷᠡᠭᠲᠡᠢ᠃ | | | | ᠲᠠᠷᠢᠶᠠᠨ ᠭᠠᠵᠠᠷ ᠤᠨ ᠲᠠᠷᠢᠮᠠᠯ ᠤᠨ ᠬᠠᠮᠢᠶᠠᠷᠤᠯᠲᠠ | 1. ᠰᠢᠨ᠎ᠡ ᠴᠠᠢ ᠶᠢᠨ ᠬᠦᠷᠢᠶᠡᠯᠡᠩ ᠢ ᠡᠬᠢᠯᠡᠨ ᠳᠠᠷᠢᠵᠤ᠂ ᠭᠦᠨ ᠭᠤᠤ ᠳᠤ ᠣᠷᠭᠠᠨᠢᠭ ᠪᠣᠷᠳᠣᠭᠤᠷ ᠭᠦᠢᠴᠡᠳ ᠣᠷᠣᠭᠤᠯᠵᠤ᠂ ᠡᠩ ᠤᠨ ᠮᠦ ᠪᠦᠷᠢ ᠳᠤ | 1500 — 2500 ᠺᠢᠯᠣᠭ᠍ᠷᠠᠮ ᠹᠣᠰᠹᠣᠷ ᠺᠠᠯᠢ ᠶᠢᠨ ᠪᠣᠷᠳᠣᠭᠤᠷ ᠬᠠᠪᠰᠤᠷᠭᠠᠨ ᠲᠠᠷᠢᠶᠠᠨ ᠪᠣᠷᠳᠣᠭᠤᠷ ᠣᠷᠣᠭᠤᠯᠵᠤ᠂ ᠰᠢᠨ᠎ᠡ ᠴᠠᠢ ᠶᠢᠨ ᠬᠦᠷᠢᠶᠡᠯᠡᠩ ᠤᠨ | ᠳᠠᠷᠢᠬᠤ ᠪᠠᠷᠢᠮᠵᠢᠶ᠎ᠠ ᠪᠠᠷ ᠴᠠᠢ ᠶᠢᠨ ᠴᠢᠬᠢ ᠶᠢ ᠳᠠᠷᠢᠵᠤ᠂ ᠦᠨᠳᠦᠰᠦ ᠶᠢ ᠨᠢ ᠭᠦᠢᠴᠡᠳ ᠤᠰᠤᠯᠠᠵᠤ᠂ ᠴᠠᠢ ᠶᠢᠨ ᠴᠢᠬᠢ ᠶᠢᠨ ᠡᠳᠡᠭᠡᠷᠡᠯᠲᠡ ᠶᠢᠨ ᠨᠣᠷᠮ᠎ᠠ ᠶᠢ | ᠳᠡᠭᠡᠭᠰᠢᠯᠡᠭᠦᠯᠦᠨ᠎ᠡ᠃ | 2. ᠡᠮᠦᠨᠡᠲᠦ ᠣᠷᠣᠨ ᠳᠤ᠂ ᠡᠨᠡ ᠦᠶ᠎ᠡ ᠳᠤ ︽ᠭᠤᠷᠪᠠᠨ ᠨᠠᠮᠤᠷ︾ ᠤᠨ ᠶᠡᠭᠡ ᠶᠠᠭᠠᠷᠠᠤ ᠴᠠᠭ ᠪᠣᠯᠣᠨ᠎ᠠ᠃ ᠳᠠᠩ ᠤᠯᠠᠷᠢᠯ ᠤᠨ ᠡᠷᠯᠢᠰᠡᠵᠢᠭᠦᠯᠦᠭᠰᠡᠨ | ᠲᠤᠲᠤᠷᠭ᠎ᠠ᠂ ᠣᠷᠣᠢ ᠶᠢᠨ ᠲᠤᠲᠤᠷᠭ᠎ᠠ ᠶᠢ ᠰᠠᠶ᠋ᠢ ᠬᠠᠳᠤᠵᠤ ᠬᠤᠷᠢᠶᠠᠳᠠᠭ᠂ ᠡᠷᠲᠡ ᠶᠢᠨ ᠭᠤᠤᠷᠰᠤ ᠪᠤᠭᠤᠳᠠᠢ ᠲᠠᠷᠢᠵᠤ᠂ ᠡᠷᠲᠡ ᠶᠢᠨ ᠭᠤᠤᠷᠰᠤ ᠰᠢᠯᠢᠮᠳᠡᠭ | ᠵᠠᠶᠢᠯᠠᠵᠤ᠂ ᠬᠥᠪᠥᠩ ᠲᠡᠭᠦᠵᠦ᠂ ᠬᠥᠪᠥᠩ ᠤᠨ ᠰᠦᠷᠡᠯ ᠢ ᠨᠢ ᠦᠭᠲᠡᠭᠡᠵᠦ ᠬᠠᠶᠠᠭᠠᠳ ᠬᠠᠭᠠᠯᠪᠤᠷᠢᠯᠠᠨ ᠭᠠᠵᠠᠷ ᠲᠡᠭᠰᠢᠯᠡᠳᠡᠭ᠃ | 3. ᠬᠢᠷᠠᠭᠤ ᠤᠨᠠᠬᠤ ᠪᠣᠯ ᠨᠠᠮᠤᠷ ᠤᠨ ᠤᠯᠠᠷᠢᠯ ᠤᠨ ᠬᠠᠮᠤᠭ ᠤᠨ ᠰᠡᠭᠦᠯᠴᠢ ᠶᠢᠨ ᠴᠠᠭ ᠤᠯᠠᠷᠢᠯ ᠮᠥᠨ᠂ ᠡᠯ᠎ᠡ ᠭᠠᠵᠠᠷ ᠤᠨ ᠬᠢᠨ ᠠᠮᠲᠠᠲᠤ ᠲᠥᠮᠥᠰᠥ ᠶᠢ | ᠵᠠᠯᠭᠠᠭ᠎ᠠ ᠪᠠᠷ ᠬᠤᠷᠢᠶᠠᠵᠤ᠂ ᠴᠠᠭ ᠲᠤᠨᠢ ᠲᠣᠬᠢᠷᠠᠭᠤᠯᠤᠨ ᠮᠠᠯᠲᠠᠵᠤ ᠰᠢᠨᠵᠢᠯᠡᠬᠦ ᠤᠬᠠᠭᠠᠨᠴᠢ ᠪᠠᠷ ᠬᠠᠳᠠᠭᠠᠯᠠᠬᠤ ᠨᠢ ᠲᠦᠢᠯ ᠤᠨ ᠴᠢᠬᠤᠯᠠ ᠶᠤᠮ᠃ ᠡᠭᠦᠨ ᠤ ᠬᠠᠮᠲᠤ | ᠨᠠᠮᠤᠷ ᠡᠪᠦᠯ ᠤᠨ ᠠᠮᠤ ᠪᠤᠳᠠᠭ᠎ᠠ ᠢᠳᠡᠰᠢᠨ ᠲᠤᠰᠤᠨ ᠤ ᠲᠠᠷᠢᠮᠠᠯ ᠢ ᠴᠠᠭ ᠲᠤᠨᠢ ᠲᠣᠬᠢᠷᠠᠭᠤᠯᠤᠨ ᠲᠠᠷᠢᠬᠤ ᠪᠠ ᠲᠠᠷᠢᠮᠠᠯ ᠤᠨ ᠲᠠᠷᠢᠶᠠᠨ ᠭᠠᠵᠠᠷ ᠤᠨ ᠬᠠᠮᠢᠶᠠᠷᠤᠯᠲᠠ ᠶᠢ | ᠰᠠᠶᠢᠲᠤᠷ ᠠᠳᠬᠤᠬᠤ ᠬᠡᠷᠡᠭᠲᠡᠢ᠃ | 4. ᠬᠢᠷᠠᠭᠤ ᠤᠨᠠᠬᠤ ᠬᠤᠭᠤᠴᠠᠭᠠᠨ ᠳᠤ᠂ ᠶᠠᠭ ᠰᠠᠶᠢᠬᠠᠨ ᠲᠠᠷᠢᠮᠠᠯ ᠤᠨ ᠬᠤᠷᠢᠶᠠᠯᠲᠠ ᠶᠢᠨ ᠴᠠᠭ ᠪᠠᠶᠢᠵᠤ᠂ ᠠᠮᠠᠷᠬᠠᠨ ᠬᠢᠷᠠᠭᠤ ᠤᠨᠠᠬᠤ ᠭᠠᠮᠰᠢᠭ ᠭᠠᠷᠳᠠᠭ᠃ | ᠢᠯᠠᠩᠭᠤᠶ᠎ᠠ ᠠᠩᠬᠠᠨ ᠤ ᠬᠢᠷᠠᠭᠤ ᠶᠢᠨ ᠴᠠᠭ ᠨᠢ ᠤᠷᠢᠳᠴᠢᠯᠠᠪᠠᠯ ᠲᠠᠷᠢᠮᠠᠯ ᠳᠤ ᠨᠡᠩ ᠶᠡᠭᠡ ᠬᠤᠣᠷ ᠬᠥᠨᠥᠭᠡᠯ ᠤᠴᠠᠷᠠᠭᠤᠯᠳᠠᠭ᠂ ᠡᠶᠢᠮᠦ ᠠᠴᠠ ᠴᠠᠭ ᠲᠤᠬᠠᠢ ᠳᠤᠨᠢ | ᠪᠦᠷᠬᠦᠪᠴᠢ ᠪᠦᠷᠬᠦᠬᠦ᠂ ᠤᠰᠤᠯᠠᠬᠤ᠂ ᠤᠲᠤᠬᠤ ᠵᠡᠷᠭᠡ ᠠᠷᠭ᠎ᠠ ᠪᠠᠷ ᠰᠡᠷᠭᠡᠶᠢᠯᠡᠬᠦ ᠬᠡᠷᠡᠭᠲᠡᠢ᠃ | 5. ᠵᠧᠵᠢᠶᠠᠩ ᠤᠨ ᠨᠤᠭᠲᠤᠷᠤ ᠡᠪᠡᠰᠦ᠂ ᠬᠡᠯᠡᠭᠡᠢ ᠰᠠᠷᠠᠨ᠎ᠠ ᠶᠢᠨ ᠲᠠᠷᠢᠮᠠᠯ ᠤᠨ ᠰᠠᠭᠤᠷᠢᠨ ᠭᠠᠵᠠᠷ ᠲᠤ ᠭᠠᠵᠠᠷ ᠲᠡᠭᠰᠢᠯᠡᠨ᠂ ᠲᠠᠲᠠᠭᠠᠯ ᠭᠠᠷᠭᠠᠵᠤ᠂ ᠣᠷᠭᠠᠨᠢᠭ | ᠪᠣᠷᠳᠣᠭᠤᠷ ᠣᠷᠣᠭᠤᠯᠤᠨ ᠰᠠᠭᠤᠷᠢ ᠪᠣᠷᠳᠣᠭᠤᠷ ᠪᠣᠯᠭᠠᠬᠤ ᠬᠡᠷᠡᠭᠲᠡᠢ᠃ ᠤᠳᠪᠠᠯᠠ ᠠᠮᠤ ᠲᠡᠭᠦᠬᠦ ᠮᠠᠰᠢᠨ ᠢᠶᠠᠷ ᠪᠠᠷᠢᠮᠵᠢᠶ᠎ᠠ ᠶᠣᠰᠣᠭᠠᠷ ᠴᠠᠭ ᠲᠤᠬᠠᠢ ᠳᠤᠨᠢ | ᠬᠤᠷᠢᠶᠠᠵᠤ᠂ ᠴᠣᠮᠣᠷᠯᠢᠭ ᠳᠡᠯᠭᠡᠷᠡᠬᠦ ᠠᠴᠠ ᠵᠠᠶᠢᠯᠠᠰᠬᠢᠵᠦ᠂ ᠤᠳᠪᠠᠯᠠ ᠠᠮᠤ ᠶᠢᠨ ᠴᠢᠨᠠᠷ ᠴᠢᠨᠰᠠᠭ᠎ᠠ ᠶᠢ ᠨᠥᠯᠥᠭᠡᠯᠡᠨ᠎ᠡ᠃ | | | ᠵᠢᠮᠢᠰ ᠤᠨ ᠮᠣᠳᠣᠨ ᠤ ᠬᠠᠮᠢᠶᠠᠷᠤᠯᠲᠠ | 1. ᠳᠤᠮᠳᠠ᠂ ᠣᠷᠣᠢ ᠪᠣᠯᠪᠠᠰᠤᠷᠠᠬᠤ ᠲᠣᠰᠢᠯᠤᠭ ᠤᠨ ᠲᠥᠷᠥᠯ ᠵᠦᠢᠯ ᠤᠨ ᠶᠢᠨ ᠶᠠᠨ᠂ ᠶᠢᠨ ᠺᠦᠢ ᠪᠣᠯᠣᠨ ᠬᠤᠸᠠ ᠲᠧ ᠵᠡᠷᠭᠡ ᠶᠢ ᠲᠣᠬᠢᠷᠠᠮᠵᠢᠲᠠᠢ | ᠦᠶ᠎ᠡ ᠳᠤ ᠲᠡᠭᠦᠵᠦ ᠬᠤᠷᠢᠶᠠᠬᠤ ᠬᠡᠷᠡᠭᠲᠡᠢ᠃ ᠲᠣᠰᠢᠯᠤᠭ ᠤᠨ ᠰᠢᠷᠬᠠᠯᠠᠭ᠎ᠠ ᠶᠢᠨ ᠡᠪᠡᠳᠴᠢᠨ ᠪᠠ ᠬᠦᠷᠡᠩ ᠲᠣᠯᠪᠣᠲᠤ ᠡᠪᠡᠳᠴᠢᠨ ᠢ ᠰᠡᠷᠭᠡᠶᠢᠯᠡᠨ ᠵᠠᠰᠠᠬᠤ ᠳᠤ | ᠲᠢᠶᠠᠳ᠋ᠷ ᠤᠨ ᠪᠠᠺᠲ᠋ᠧᠷᠢ ᠶᠢᠨ ᠵᠡᠰ ᠪᠤᠶᠤ ᠲᠢᠶᠠᠽᠤᠯ ᠴᠠᠶᠢᠷ ᠤᠨ ᠳᠡᠭᠡᠷ᠎ᠡ ᠫᠢᠷᠢᠮᠢᠳᠢᠨ ᠪᠠᠺᠲ᠋ᠧᠷᠢ ᠶᠢᠨ ᠡᠰᠲ᠋ᠧᠷ ᠢ ᠰᠣᠩᠭᠤᠵᠤ ᠪᠣᠯᠣᠨ᠎ᠠ᠃ | 2. ᠦᠵᠦᠮ ᠪᠠ ᠨᠢᠭᠡᠨᠲᠡ ᠲᠡᠭᠦᠭᠰᠡᠨ ᠲᠣᠰᠢᠯᠤᠭ ᠲᠤ ᠰᠠᠭᠤᠷᠢ ᠪᠣᠷᠳᠣᠭᠤᠷ ᠣᠷᠣᠭᠤᠯᠵᠤ᠂ ᠬᠥᠷᠥᠰᠥᠨ ᠤ ᠪᠠᠶᠢᠳᠠᠯ ᠢ ᠦᠵᠡᠵᠦ ᠪᠠᠶᠢᠭᠠᠳ ᠨᠢᠭᠡ ᠤᠳᠠᠭ᠎ᠠ | ᠤᠰᠤ ᠰᠦᠷᠴᠢᠨ᠎ᠡ᠃ ᠦᠵᠦᠮ ᠤᠨ ᠴᠠᠭᠠᠨ ᠬᠥᠭᠡᠴᠦ ᠶᠢᠨ ᠡᠪᠡᠳᠴᠢᠨ ᠢ ᠰᠡᠷᠭᠡᠶᠢᠯᠡᠨ ᠬᠢᠵᠠᠭᠠᠷᠯᠠᠬᠤ ᠠᠵᠢᠯ ᠢ ᠰᠠᠶᠢᠲᠤᠷ ᠬᠢᠵᠦ᠂ ᠨᠠᠮᠤᠷ ᠤᠨ ᠨᠠᠪᠴᠢ ᠶᠢ ᠰᠠᠶᠢᠲᠤᠷ | ᠬᠠᠮᠠᠭᠠᠯᠠᠨ᠂ ᠠᠯᠺᠢᠯ ᠮᠤᠷᠹᠢᠨ ᠪᠤᠶᠤ ᠺᠤᠶᠢᠨᠣᠯᠢᠨ ᠵᠡᠰ ᠢᠶᠠᠷ ᠰᠡᠷᠭᠡᠶᠢᠯᠡᠨ ᠵᠠᠰᠠᠵᠤ ᠪᠣᠯᠣᠨ᠎ᠠ᠃ | | | ᠮᠠᠯ ᠠᠵᠤ ᠠᠬᠤᠢ ᠤᠰᠤᠨ ᠭᠠᠷᠤᠯᠲᠠ ᠶᠢᠨ ᠲᠠᠷᠢᠶᠠᠯᠠᠩ ᠤᠨ ᠶᠠᠪᠤᠳᠠᠯ | 1. ᠨᠠᠮᠤᠷ ᠤᠨ ᠤᠯᠠᠷᠢᠯ ᠤᠨ ᠬᠢᠵᠢᠭ ᠢ ᠰᠡᠷᠭᠡᠶᠢᠯᠡᠬᠦ ᠠᠵᠢᠯ ᠢ ᠦᠷᠭᠦᠯᠵᠢᠯᠡᠨ ᠰᠠᠶᠢᠲᠤᠷ ᠬᠢᠵᠦ᠂ ᠸᠠᠺᠼᠢᠨ ᠤ ᠲᠠᠷᠢᠯᠭ᠎ᠠ ᠶᠢ ᠴᠠᠭ ᠲᠤᠬᠠᠢ ᠳᠤᠨᠢ ᠳᠠᠷᠢᠵᠤ | ᠰᠡᠷᠭᠡᠶᠢᠯᠡᠬᠦ ᠬᠡᠷᠡᠭᠲᠡᠢ᠃ ᠮᠠᠯ ᠵᠢᠭᠦᠷᠲᠡᠨ ᠤ ᠬᠠᠯᠳᠠᠪᠤᠷᠢᠲᠤ ᠲᠠᠭᠰᠢᠭᠤᠷ ᠡᠭᠦᠰᠬᠦ ᠶᠢ ᠰᠡᠷᠭᠡᠶᠢᠯᠡᠵᠦ᠂ ᠴᠠᠭ ᠲᠤᠬᠠᠢ ᠳᠤᠨᠢ ᠰᠡᠷᠭᠡᠶᠢᠯᠡᠬᠦ ᠬᠡᠷᠡᠭᠲᠡᠢ᠃ ᠮᠠᠯ ᠠᠵᠤ | ᠠᠬᠤᠢ ᠶᠢᠨ ᠲᠠᠯ᠎ᠠ ᠪᠠᠷ ᠲᠠᠷᠭᠤ ᠶᠢ ᠠᠩᠬᠠᠷᠴᠣ ᠠᠶᠤᠯᠭᠦᠢ ᠡᠪᠦᠯᠵᠢᠵᠦ᠂ ᠮᠠᠯ ᠤᠨᠤᠭ᠎ᠠ ᠶᠢᠨ ᠡᠪᠦᠯᠵᠢᠬᠦ ᠳᠤ ᠠᠮᠤ ᠬᠦᠨᠡᠰᠦ ᠶᠢ ᠰᠠᠶᠢᠲᠤᠷ ᠪᠡᠯᠡᠳᠬᠡᠬᠦ ᠬᠡᠷᠡᠭᠲᠡᠢ᠃ | 2. ᠬᠢᠷᠠᠭᠤ ᠤᠨᠠᠭᠰᠠᠨ ᠤ ᠳᠠᠷᠠᠭ᠎ᠠ᠂ ᠤᠰᠤᠨ ᠭᠠᠷᠤᠯᠲᠠ ᠶᠢᠨ ᠠᠮᠢᠲᠠᠨ ᠤᠳᠠᠯ ᠦᠭᠡᠢ ᠡᠪᠦᠯ ᠤᠨ ᠢᠴᠡᠭᠡᠯᠡᠯᠲᠡ ᠳᠤ ᠣᠷᠣᠵᠤ᠂ ᠪᠦᠲᠦᠭᠡᠭᠳᠡᠬᠦᠨ ᠨᠢ | ᠠᠭᠠᠵᠢᠮ ᠢᠶᠠᠷ ᠵᠠᠬ᠎ᠠ ᠳᠡᠯᠭᠡᠭᠦᠷ ᠲᠤ ᠭᠠᠷᠴᠤ᠂ ᠵᠢᠯ ᠠᠯᠤᠰᠯᠠᠨ ᠲᠡᠵᠢᠭᠡᠨ ᠦᠷᠡᠵᠢᠭᠦᠯᠬᠦ ᠳᠤ ᠣᠷᠣᠭᠤᠯᠬᠤ ᠬᠡᠮᠵᠢᠶ᠎ᠡ ᠪᠠᠨ ᠤᠯᠠᠮ ᠨᠢᠭᠡ ᠠᠯᠬᠤᠮ ᠪᠠᠭᠠᠰᠬᠠᠵᠤ᠂ | ᠴᠥᠭᠦᠷᠥᠮ ᠤᠨ ᠤᠰᠤ ᠶᠢ ᠤᠯᠠᠮ ᠨᠢᠭᠡ ᠠᠯᠬᠤᠮ ᠨᠡᠮᠡᠭᠳᠡᠭᠦᠯᠬᠦ ᠬᠡᠷᠡᠭᠲᠡᠢ᠃ | | | | ᠳᠡᠭᠡᠷᠡᠬᠢ ᠪᠣᠯ ᠳᠠᠷᠤᠢ ᠬᠢᠷᠠᠭᠤ ᠤᠨᠠᠬᠤ ᠴᠠᠭ ᠤᠯᠠᠷᠢᠯ ᠤᠨ ᠲᠠᠷᠢᠶᠠᠯᠠᠩ ᠤᠨ ᠠᠵᠢᠯᠯᠠᠭ᠎ᠠ ᠶᠢᠨ ᠵᠦᠭᠯᠡᠭᠦᠷ ᠪᠣᠯᠣᠨ᠎ᠠ᠂ ᠬᠢᠷᠠᠭᠤ ᠤᠨᠠᠭᠰᠠᠨ ᠤ ᠳᠠᠷᠠᠭ᠎ᠠ | ᠨᠠᠮᠤᠷ ᠤᠨ ᠰᠡᠭᠦᠯᠴᠢ ᠶᠢᠨ ᠦᠵᠡᠮᠵᠢ ᠢᠯᠡᠷᠭᠡᠢ᠂ ᠬᠦᠢᠲᠡᠨ ᠠᠭᠤᠷ ᠠᠮᠢᠰᠬᠤᠯ ᠤᠯᠠᠮ ᠢᠶᠠᠷ ᠣᠯᠠᠰᠢᠷᠠᠳᠠᠭ᠃ ᠲᠠᠷᠢᠶᠠᠯᠠᠩ ᠤᠨ ᠦᠢᠯᠡᠳᠪᠦᠷᠢᠯᠡᠯ ᠤᠨ ᠲᠠᠯ᠎ᠠ ᠪᠠᠷ᠂ | ᠨᠢᠭᠡ ᠲᠠᠯ᠎ᠠ ᠪᠠᠷ ᠨᠠᠮᠤᠷ ᠤᠨ ᠠᠮᠤ ᠪᠤᠳᠠᠭ᠎ᠠ ᠬᠤᠷᠢᠶᠠᠬᠤ ᠠᠵᠢᠯ ᠢ ᠱᠠᠯᠠᠪᠳᠠᠨ ᠰᠠᠶᠢᠲᠤᠷ ᠬᠢᠵᠦ᠂ ᠨᠦᠭᠦᠭᠡ ᠲᠠᠯ᠎ᠠ ᠪᠠᠷ ᠨᠠᠮᠤᠷ ᠡᠪᠦᠯ ᠤᠨ ᠲᠠᠷᠢᠮᠠᠯ ᠤᠨ ᠲᠠᠷᠢᠶᠠᠨ | ᠭᠠᠵᠠᠷ ᠤᠨ ᠬᠠᠮᠢᠶᠠᠷᠤᠯᠲᠠ ᠶᠢ ᠴᠢᠩᠭᠠᠳᠬᠠᠵᠤ᠂ ᠭᠠᠩ ᠬᠠᠭᠰᠠᠷᠠᠭᠠᠨ ᠲᠠᠢ ᠲᠡᠮᠡᠴᠡᠵᠦ ᠴᠢᠬᠢ ᠶᠢ ᠬᠠᠮᠠᠭᠠᠯᠠᠬᠤ᠂ ᠤᠰᠤᠨ ᠳᠤ ᠠᠷᠪᠢᠲᠠᠢ ᠤᠰᠤᠯᠠᠯᠲᠠ ᠶᠢᠨ ᠠᠵᠢᠯ ᠢ | ᠰᠠᠶᠢᠲᠤᠷ ᠬᠢᠬᠦ ᠬᠡᠷᠡᠭᠲᠡᠢ᠃ | |