ᠡᠷᠳᠡᠨᠢ ᠰᠢᠰᠢ ᠪᠤᠭᠤᠳᠠᠢ ᠶᠢᠨ ᠡᠰᠢ ᠰᠦᠷᠡᠯ ᠢ ᠲᠠᠷᠢᠶᠠᠨ ᠳᠤ ᠣᠷᠣᠭᠤᠯᠬᠤ ᠮᠡᠷᠭᠡᠵᠢᠯ
ᠨᠡᠶᠢᠲᠡᠯᠡᠭᠰᠡᠨ ᠴᠠᠭ᠄
2023/11/22
                             ᠡᠰᠢ ᠰᠦᠷᠡᠯ ᠢ ᠲᠠᠷᠢᠶᠠᠨ ᠳᠤ ᠣᠷᠣᠭᠤᠯᠬᠤ ᠨᠢ ᠬᠥᠷᠥᠰᠥ ᠰᠢᠷᠣᠢ ᠶᠢᠨ ᠣᠷᠭᠠᠨᠢᠭ ᠪᠣᠳᠠᠰ ᠢ ᠨᠡᠮᠡᠭᠳᠡᠭᠦᠯᠦᠨ᠂ ᠬᠥᠷᠥᠰᠥ ᠰᠢᠷᠣᠢ ᠶᠢᠨ ᠪᠦᠲᠦᠴᠡ ᠶᠢ ᠰᠠᠶᠢᠵᠢᠷᠠᠭᠤᠯᠵᠤ᠂ ᠬᠥᠷᠥᠰᠥ ᠰᠢᠷᠣᠢ ᠶᠢ ᠵᠥᠭᠡᠯᠡᠷᠡᠭᠦᠯᠦᠨ᠂ ᠵᠠᠪᠰᠠᠷ ᠤᠨ ᠬᠡᠮᠵᠢᠶ᠎ᠡ ᠶᠢ ᠨᠡᠮᠡᠭᠳᠡᠭᠦᠯᠦᠨ᠂ ᠪᠠᠭᠲᠠᠭᠠᠮᠵᠢ ᠶᠢ ᠪᠠᠭᠠᠰᠬᠠᠵᠤ᠂ ᠮᠢᠺᠷᠣᠪ ᠤᠨ ᠠᠮᠢᠵᠢᠷᠠᠯ ᠤᠨ ᠬᠦᠴᠦᠨ ᠪᠠ ᠲᠠᠷᠢᠮᠠᠯ ᠤᠨ ᠦᠨᠳᠦᠰᠦ ᠶᠢᠨ ᠰᠢᠰᠲ᠋ᠧᠮ ᠤᠨ ᠪᠤᠶᠢᠵᠢᠯᠲᠠ ᠶᠢ ᠠᠬᠢᠭᠤᠯᠬᠤ ᠶᠢᠨ ᠬᠠᠮᠲᠤ ᠡᠰᠢ ᠰᠦᠷᠡᠯ ᠤᠨ ᠡᠬᠢ ᠪᠠᠶᠠᠯᠢᠭ ᠢ ᠪᠦᠷᠢᠯᠭᠡᠬᠦ ᠵᠢᠴᠢ ᠡᠰᠢ ᠰᠦᠷᠡᠯ ᠢ ᠰᠢᠲᠠᠭᠠᠬᠤ ᠠᠴᠠ ᠪᠣᠯᠤᠭᠰᠠᠨ ᠠᠭᠠᠷ ᠮᠠᠨᠳᠠᠯ ᠤᠨ ᠪᠣᠬᠢᠷᠲᠤᠯ ᠤᠨ ᠠᠰᠠᠭᠤᠳᠠᠯ ᠢ ᠰᠢᠢᠳᠪᠦᠷᠢᠯᠡᠵᠦ᠂ ᠬᠠᠶᠠᠭᠳᠠᠮᠠᠯ ᠡᠰᠢ ᠰᠦᠷᠡᠯ ᠤᠨ ᠬᠡᠮᠵᠢᠶ᠎ᠡ ᠪᠠᠷ ᠨᠡᠯᠢᠶᠡᠳ ᠶᠡᠭᠡ ᠮᠥᠷᠲᠡᠭᠡᠨ ᠤᠰᠤᠯᠠᠬᠤ ᠨᠥᠬᠦᠴᠡᠯ ᠲᠠᠢ ᠭᠠᠵᠠᠷ ᠣᠷᠣᠨ ᠳᠤ ᠳᠡᠯᠭᠡᠷᠡᠭᠦᠯᠦᠨ ᠬᠡᠷᠡᠭᠯᠡᠬᠦ ᠳᠤ ᠲᠣᠬᠢᠷᠠᠨ᠎ᠠ᠃ ᠬᠤᠯᠪᠣᠭᠳᠠᠯ ᠪᠦᠬᠦᠢ ᠲᠤᠷᠰᠢᠯᠲᠠ ᠶᠢᠨ ᠳ᠋ᠦᠩ ᠳᠤ ᠢᠯᠡᠷᠡᠭᠦᠯᠦᠭᠰᠡᠨ ᠢᠶᠠᠷ᠂ ᠡᠰᠢ ᠰᠦᠷᠡᠯ ᠢ ᠲᠠᠷᠢᠶᠠᠨ ᠳᠤ ᠣᠷᠣᠭᠤᠯᠤᠭᠰᠠᠨ ᠤ 2 ᠵᠢᠯ ᠤᠨ ᠳᠠᠷᠠᠭ᠎ᠠ᠂ ᠬᠥᠷᠥᠰᠥᠨ ᠤ ᠪᠥᠬᠦ N ᠠᠭᠤᠯᠤᠭᠳᠠᠴᠠ 11% ᠪᠠᠷ ᠨᠡᠮᠡᠭᠳᠡᠵᠦ᠂ ᠪᠥᠬᠦ P 10% ᠪᠠᠷ ᠨᠡᠮᠡᠭᠳᠡᠨ᠂ ᠤᠰᠤᠵᠢᠨ ᠵᠠᠳᠠᠷᠠᠭᠰᠠᠨ N 41% ᠪᠠᠷ ᠨᠡᠮᠡᠭᠳᠡᠵᠦ᠂ 3 ᠵᠢᠯ ᠳᠠᠷᠠᠭᠠᠯᠠᠨ ᠡᠰᠢ ᠰᠦᠷᠡᠯ ᠢ ᠲᠠᠷᠢᠶᠠᠨ ᠳᠤ ᠣᠷᠣᠭᠤᠯᠤᠭᠰᠠᠨ ᠤ ᠳᠠᠷᠠᠭ᠎ᠠ ᠬᠥᠷᠥᠰᠥᠨ ᠤ ᠪᠥᠬᠦ ᠠᠽᠣᠲ ᠤᠨ ᠠᠭᠤᠯᠤᠭᠳᠠᠴᠠ 25.3% ᠪᠠᠷ ᠨᠡᠮᠡᠭᠳᠡᠨ᠂ ᠬᠥᠷᠥᠰᠥᠨ ᠤ ᠣᠷᠭᠠᠨᠢᠭ ᠪᠣᠳᠠᠰ 7.13% ~ 9.44% ᠪᠠᠷ ᠳᠡᠭᠡᠭᠰᠢᠯᠡᠪᠡ︔ ᠡᠰᠢ ᠰᠦᠷᠡᠯ ᠢ ᠲᠠᠷᠢᠶᠠᠨ ᠳᠤ ᠣᠷᠣᠭᠤᠯᠬᠤ ᠮᠡᠷᠭᠡᠵᠢᠯ ᠢᠶᠠᠷ ᠲᠠᠷᠢᠮᠠᠯ ᠤᠨ ᠤᠨᠠᠯᠲᠠ ᠶᠢ 5%~10% ᠪᠠᠷ ᠨᠡᠮᠡᠭᠳᠡᠭᠦᠯᠵᠦ᠂ ᠪᠤᠷᠳᠤᠭᠤᠷ ᠢ ᠪᠠᠭᠠᠰᠬᠠᠨ ᠦᠷ᠎ᠡ ᠠᠰᠢᠭ ᠢ ᠨᠡᠮᠡᠭᠳᠡᠭᠦᠯᠬᠦ ᠨᠡᠯᠢᠶᠡᠳ ᠰᠠᠶᠢᠨ ᠦᠢᠯᠡᠳᠦᠯ ᠲᠠᠢ ᠪᠠᠶᠢᠳᠠᠭ᠃   

11.22.1.png

    

     1. ᠡᠷᠳᠡᠨᠢ ᠰᠢᠰᠢ ᠶᠢᠨ ᠡᠰᠢ ᠰᠦᠷᠡᠯ ᠢ ᠲᠠᠷᠢᠶᠠᠨ ᠳᠤ ᠣᠷᠣᠭᠤᠯᠬᠤ ᠮᠡᠷᠭᠡᠵᠢᠯ

     ᠡᠷᠳᠡᠨᠢ ᠰᠢᠰᠢ ᠨᠢ ᠮᠠᠨ ᠤ ᠣᠷᠣᠨ ᠤ ᠳᠠᠪᠠᠭᠤᠯᠢᠭ ᠲᠠᠷᠢᠮᠠᠯ ᠤᠨ ᠨᠢᠭᠡ ᠪᠣᠯᠤᠭᠰᠠᠨ ᠤ ᠬᠤᠪᠢ ᠳᠤ᠂ ᠳᠠᠷᠢᠬᠤ ᠲᠠᠯᠠᠪᠠᠶ ᠨᠢ ᠨᠡᠯᠢᠶᠡᠳ ᠶᠡᠭᠡ ᠪᠠᠶᠢᠵᠤ᠂

ᠡᠭᠦᠨ ᠤ ᠳᠠᠭᠠᠤ ᠳᠤ ᠪᠣᠶ ᠪᠣᠯᠤᠭᠰᠠᠨ ᠡᠰᠢ ᠰᠦᠷᠡᠯ ᠤᠨ ᠡᠬᠢ ᠪᠠᠶᠠᠯᠢᠭ ᠤᠨ ᠬᠡᠮᠵᠢᠶ᠎ᠡ ᠨᠢ ᠴᠦ ᠨᠡᠯᠢᠶᠡᠳ ᠠᠷᠪᠢᠨ ᠪᠠᠶᠢᠳᠠᠭ᠃ ᠡᠷᠳᠡᠨᠢ ᠰᠢᠰᠢ ᠶᠢᠨ ᠡᠰᠢ ᠰᠦᠷᠡᠯ ᠢ

ᠲᠤᠬᠠᠢ ᠶᠢᠨ ᠭᠠᠵᠠᠷ ᠤᠨ ᠪᠣᠳᠠᠲᠠᠢ ᠪᠠᠶᠢᠳᠠᠯ ᠢᠶᠠᠨ ᠦᠨᠳᠦᠰᠦᠯᠡᠨ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ ᠠᠳᠠᠯᠢ ᠪᠤᠰᠤ ᠶᠢᠨ ᠲᠠᠷᠢᠶᠠᠨ ᠭᠠᠵᠠᠷ ᠲᠤ

ᠪᠤᠴᠠᠭᠠᠬᠤ ᠠᠷᠭ᠎ᠠ ᠮᠠᠶ᠋ᠢᠭ ᠢ ᠰᠣᠩᠭᠤᠵᠤ ᠪᠣᠯᠣᠨ᠎ᠠ᠃

     ︵1︶ ᠡᠰᠢ ᠰᠦᠷᠡᠯ ᠢ ᠤᠷᠪᠠᠭᠤᠯᠤᠨ ᠳᠠᠷᠤᠵᠤ ᠲᠠᠷᠢᠶᠠᠨ ᠭᠠᠵᠠᠷ ᠲᠤ ᠪᠤᠴᠠᠭᠠᠬᠤ

     ᠲᠠᠷᠢᠶᠠᠯᠠᠬᠤ ᠳᠠᠪᠬᠤᠷᠭ᠎ᠠ ᠨᠢ 30cm ᠠᠴᠠ ᠶᠡᠭᠡ ᠭᠠᠵᠠᠷ ᠣᠷᠣᠨ ᠳᠤ ᠲᠤᠰ ᠮᠡᠷᠭᠡᠵᠢᠯ ᠤᠨ ᠠᠷᠭ᠎ᠠ ᠵᠠᠮ ᠢ ᠬᠡᠷᠡᠭᠯᠡᠪᠡᠯ ᠵᠣᠬᠢᠨ᠎ᠠ᠃ ᠡᠷᠳᠡᠨᠢ ᠰᠢᠰᠢ ᠶᠢ

ᠬᠤᠷᠢᠶᠠᠭᠰᠠᠨ ᠤ ᠳᠠᠷᠠᠭ᠎ᠠ᠂ ᠡᠰᠢ ᠰᠦᠷᠡᠯ ᠢ 5cm~10cm ᠤᠨ ᠣᠷᠳᠣ ᠬᠡᠰᠡᠭ ᠢᠶᠠᠷ ᠬᠡᠮᠬᠡᠯᠵᠦ᠂ ᠭᠠᠵᠠᠷ ᠤᠨ ᠭᠠᠳᠠᠷᠭᠤ ᠳᠤ ᠵᠢᠭᠳᠡ ᠪᠠᠷ ᠪᠦᠷᠬᠦᠵᠦ᠂

5kg~10kg ᠤᠨ ᠬᠡᠷᠡᠭᠯᠡᠬᠦ ᠬᠡᠮᠵᠢᠶ᠎ᠡ ᠪᠠᠷ ᠰᠢᠭᠡᠰᠦᠯᠢᠭ ᠡᠳ᠋ ᠢ ᠵᠢᠭᠳᠡ ᠪᠠᠷ ᠰᠠᠴᠤᠵᠤ᠂ ᠨᠥᠬᠦᠴᠡᠯ ᠲᠠᠢ ᠪᠣᠯ ᠡᠰᠢ ᠰᠦᠷᠡᠯ ᠤᠨ ᠢᠯᠵᠢᠷᠡᠭᠦᠯᠦᠭᠴᠢ ᠡᠳ᠋ ᠢ

ᠰᠦᠷᠴᠢᠨ ᠰᠠᠴᠤᠵᠤ᠂ ᠡᠰᠢ ᠰᠦᠷᠡᠯ ᠤᠨ ᠢᠯᠵᠢᠷᠡᠭᠦᠯᠬᠦ ᠠᠬᠢᠴᠠ ᠶᠢ ᠲᠦᠷᠭᠡᠳᠬᠡᠨ᠎ᠡ᠂ ᠳᠠᠷᠠᠭ᠎ᠠ ᠨᠢ ᠮᠧᠬᠠᠨᠢᠭ ᠢᠶᠠᠷ ᠬᠥᠷᠥᠰᠥᠨ ᠤ ᠥᠩᠭᠡᠨ ᠳᠠᠪᠬᠤᠷᠭ᠎ᠠ ᠠᠴᠠ

ᠳᠣᠷᠣᠭᠰᠢ 30cm ᠬᠦᠷᠲᠡᠯ᠎ᠡ ᠤᠷᠪᠠᠭᠤᠯᠪᠠᠯ ᠢᠷᠡᠬᠦ ᠵᠢᠯ ᠤᠨ ᠲᠠᠷᠢᠶᠠᠯᠠᠭ᠎ᠠ ᠶᠢ ᠨᠥᠯᠥᠭᠡᠯᠡᠬᠦ ᠦᠭᠡᠢ ᠶᠤᠮ᠃ ᠭᠦᠨ ᠤᠷᠪᠠᠭᠤᠯᠤᠭᠰᠠᠨ ᠤ ᠳᠠᠷᠠᠭ᠎ᠠ ᠴᠠᠭ

ᠲᠤᠬᠠᠢ ᠳᠤᠨᠢ ᠨᠠᠷᠬᠠᠳᠠᠨ ᠳᠠᠷᠤᠵᠤ᠂ ᠭᠦᠨ ᠪᠥᠭᠡᠳ ᠵᠢᠭᠳᠡ ᠨᠠᠷᠬᠠᠳᠠᠵᠤ᠂ ᠡᠰᠢ ᠰᠦᠷᠡᠯ᠂ ᠦᠨᠳᠦᠰᠦ ᠶᠢᠨ ᠭᠤᠤᠷᠰᠤ ᠶᠢ ᠬᠡᠮᠬᠡᠴᠢᠬᠦ ᠪᠤᠶᠤ ᠵᠢᠭᠳᠡ ᠬᠤᠳᠬᠤᠨ᠎ᠠ᠃

ᠲᠠᠷᠠᠭ᠎ᠠ ᠵᠢᠯ ᠳᠤᠨᠢ ᠬᠠᠪᠤᠷ ᠤᠨ ᠡᠬᠢ ᠪᠠᠷ ᠭᠠᠵᠠᠷ ᠲᠠᠷᠢᠶ᠎ᠠ ᠶᠢ ᠲᠠᠬᠢᠨ ᠲᠡᠭᠰᠢᠯᠡᠵᠦ ᠲᠠᠷᠤᠰᠢᠭᠤᠯᠪᠠᠯ ᠳᠠᠷᠤᠢ ᠬᠡᠪ ᠤᠨ ᠪᠠᠶᠢᠳᠠᠯ ᠢᠶᠠᠷ ᠲᠠᠷᠢᠵᠦ ᠪᠣᠯᠣᠨ᠎ᠠ᠃

     ︵2︶ ᠡᠰᠢ ᠰᠦᠷᠡᠯ ᠢ ᠬᠡᠮᠬᠡᠯᠦᠨ ᠲᠠᠷᠢᠶᠠᠨ ᠳᠤ ᠣᠷᠣᠭᠤᠯᠬᠤ 

     ᠲᠠᠷᠢᠶᠠᠯᠠᠬᠤ ᠳᠠᠪᠬᠤᠷᠭ᠎ᠠ ᠨᠢ ᠬᠠᠷᠢᠴᠠᠩᠭᠤᠢ ᠪᠠᠷ ᠨᠡᠯᠢᠶᠡᠳ ᠭᠦᠢᠬᠡᠨ᠂ ᠭᠦᠨ ᠤᠷᠪᠠᠭᠤᠯᠬᠤ ᠨᠥᠬᠦᠴᠡᠯ ᠢ ᠪᠦᠷᠢᠯᠳᠦᠭᠦᠯᠦᠭᠰᠡᠨ ᠦᠭᠡᠢ ᠭᠠᠵᠠᠷ ᠣᠷᠣᠨ ᠳᠤ

ᠲᠤᠰ ᠮᠡᠷᠭᠡᠵᠢᠯ ᠤᠨ ᠠᠷᠭ᠎ᠠ ᠵᠠᠮ ᠢ ᠬᠡᠷᠡᠭᠯᠡᠬᠦ ᠳᠤ ᠲᠣᠬᠢᠷᠠᠮᠵᠢᠲᠠᠢ᠃ ᠡᠷᠳᠡᠨᠢ ᠰᠢᠰᠢ ᠶᠢ ᠬᠤᠷᠢᠶᠠᠭᠰᠠᠨ ᠤ ᠳᠠᠷᠠᠭ᠎ᠠ᠂ ᠮᠠᠰᠢᠨ ᠢᠶᠠᠷ ᠡᠷᠳᠡᠨᠢ ᠰᠢᠰᠢ ᠶᠢᠨ ᠡᠰᠢ

ᠰᠦᠷᠡᠯ ᠢ ᠬᠡᠷᠴᠢᠵᠦ᠂ ᠭᠠᠵᠠᠷ ᠤᠨ ᠭᠠᠳᠠᠷᠭᠤ ᠳᠤ ᠵᠢᠭᠳᠡ ᠰᠠᠴᠤᠵᠤ᠂ ᠡᠰᠢ ᠰᠦᠷᠡᠯ ᠤᠨ ᠣᠷᠳᠣ ᠨᠢ 6cm ᠠᠴᠠ ᠪᠠᠭ᠎ᠠ᠂ ᠭᠤᠤᠷᠰᠤ  ᠨᠢ 5cm ᠠᠴᠠ ᠪᠠᠭ᠎ᠠ

᠂ ᠬᠡᠷᠪᠡ ᠬᠡᠮᠬᠡᠯᠬᠦ ᠦᠷ᠎ᠡ ᠳ᠋ᠦᠩ ᠨᠢ ᠮᠠᠭᠤ ᠪᠣᠯ ᠬᠤᠶᠠᠳᠠᠭᠢ ᠤᠳᠠᠭ᠎ᠠ ᠬᠡᠮᠬᠡᠴᠢᠬᠦ ᠬᠡᠷᠡᠭᠲᠡᠢ᠃ ᠬᠡᠮᠬᠡᠯᠦᠭᠰᠡᠨ ᠤ ᠳᠠᠷᠠᠭ᠎ᠠ 2kg/ ᠮᠦ ᠠᠴᠠ 5kg/ ᠮᠦ

ᠬᠡᠷᠡᠭᠯᠡᠬᠦ ᠬᠡᠮᠵᠢᠶ᠎ᠡ ᠪᠠᠷ ᠡᠰᠢ ᠰᠦᠷᠡᠯ ᠢ ᠢᠯᠵᠢᠷᠡᠭᠦᠯᠦᠨ ᠪᠣᠯᠪᠠᠰᠤᠷᠠᠭᠤᠯᠬᠤ ᠡᠮ ᠢ ᠴᠠᠭ ᠲᠤᠬᠠᠢ ᠳᠤᠨᠢ ᠰᠦᠷᠴᠢᠬᠦ ᠶᠢᠨ ᠬᠠᠮᠲᠤ 5kg/ ᠮᠦ ᠠᠴᠠ 10kg/

ᠮᠦ ᠬᠡᠷᠡᠭᠯᠡᠬᠦ ᠬᠡᠮᠵᠢᠶ᠎ᠡ ᠪᠠᠷ ᠰᠢᠭᠡᠰᠦᠯᠢᠭ ᠡᠳ᠋ ᠢ ᠵᠢᠭᠳᠡ ᠪᠠᠷ ᠰᠠᠴᠤᠵᠤ ᠨᠡᠭᠦᠷᠡᠰᠦᠲᠥ᠋ᠷᠥᠭᠴᠢ ᠠᠽᠣᠲ ᠤᠨ ᠬᠠᠷᠢᠴᠠᠯ ᠢ ᠲᠣᠬᠢᠷᠠᠭᠤᠯᠤᠨ᠎ᠠ᠂ ᠳᠠᠷᠠᠭ᠎ᠠ ᠨᠢ

ᠮᠧᠬᠠᠨᠢᠭ ᠢᠶᠠᠷ ᠭᠦᠨ ᠤᠷᠪᠠᠭᠤᠯᠵᠤ᠂ ᠭᠦᠨ ᠤ ᠬᠡᠮᠵᠢᠶ᠎ᠡ ᠶᠢ 25cm ᠠᠴᠠ ᠳᠡᠭᠡᠭᠰᠢ ᠪᠠᠶᠢᠯᠭᠠᠨ᠎ᠠ᠂ ᠳᠠᠷᠠᠭ᠎ᠠ ᠨᠢ ᠡᠷᠭᠢᠯᠳᠦᠭᠦᠯᠦᠨ ᠬᠠᠭᠠᠯᠪᠤᠷᠢᠯᠠᠬᠤ ᠮᠠᠰᠢᠨ ᠢᠶᠠᠷ

ᠡᠷᠭᠢᠯᠳᠦᠭᠦᠯᠦᠨ ᠬᠠᠭᠠᠯᠪᠤᠷᠢᠯᠠᠵᠤ ᠭᠠᠵᠠᠷ ᠰᠢᠷᠣᠢ ᠶᠢ ᠲᠡᠭᠰᠢᠯᠡᠨ᠎ᠡ᠂ ᠴᠢᠭᠢᠭ ᠤᠨ ᠪᠠᠶᠢᠳᠠᠯ ᠮᠠᠭᠤ ᠪᠣᠯ ᠴᠠᠭ ᠲᠤᠬᠠᠢ  ᠳᠤᠨᠢ ᠤᠰᠤᠯᠠᠵᠤ ᠡᠰᠢ ᠰᠦᠷᠡᠯ ᠢ

ᠢᠯᠵᠢᠷᠡᠭᠦᠯᠦᠨ ᠪᠣᠯᠪᠠᠰᠤᠷᠠᠭᠤᠯᠬᠤ ᠶᠢ ᠠᠬᠢᠭᠤᠯᠤᠨ᠎ᠠ᠃ 

      

11.22.2.png

     

       2. ᠪᠤᠭᠤᠳᠠᠢ ᠶᠢᠨ ᠡᠰᠢ ᠰᠦᠷᠡᠯ ᠢ ᠲᠠᠷᠢᠶᠠᠨ ᠳᠤ ᠣᠷᠣᠭᠤᠯᠬᠤ ᠮᠡᠷᠭᠡᠵᠢᠯ

       ᠪᠤᠭᠤᠳᠠᠢ ᠪᠣᠯ ᠮᠠᠨ ᠤ ᠣᠷᠣᠨ ᠤ ᠳᠠᠪᠠᠭᠤᠯᠢᠭ ᠲᠠᠷᠢᠮᠠᠯ ᠤᠨ ᠨᠢᠭᠡ ᠪᠠᠶᠢᠵᠤ᠂ ᠡᠰᠢ ᠰᠦᠷᠡᠯ ᠤᠨ ᠭᠠᠷᠤᠯᠲᠠ ᠶᠢᠨ ᠬᠡᠮᠵᠢᠶ᠎ᠡ ᠪᠠᠷ ᠬᠠᠷᠢᠴᠠᠩᠭᠤᠢ ᠪᠠᠭ᠎ᠠ

ᠪᠣᠯᠬᠤᠷ ᠥᠨᠳᠥᠷ ᠭᠤᠤᠷᠰᠤ ᠦᠯᠡᠳᠡᠭᠡᠵᠦ ᠲᠠᠷᠢᠶᠠᠨ ᠳᠤ ᠪᠤᠴᠠᠭᠠᠬᠤ ᠮᠡᠷᠭᠡᠵᠢᠯ ᠢ ᠬᠡᠷᠡᠭᠯᠡᠬᠦ ᠶᠢ ᠲᠠᠨᠢᠯᠴᠠᠭᠤᠯᠤᠨ᠎ᠠ᠃ ᠪᠤᠭᠤᠳᠠᠢ ᠬᠠᠳᠤᠬᠤ ᠳᠠᠭᠠᠨ ᠭᠤᠤᠷᠰᠤ ᠶᠢ ᠨᠢ

25cm~40cm ᠥᠨᠳᠥᠷ ᠦᠯᠡᠳᠡᠭᠡᠵᠦ᠂ ᠳᠠᠷᠠᠭ᠎ᠠ ᠳᠤᠨᠢ ᠡᠰᠢ ᠰᠦᠷᠡᠯ ᠢ ᠬᠡᠮᠬᠡᠯᠬᠦ ᠮᠠᠰᠢᠨ ᠢᠶᠠᠷ ᠬᠡᠮᠬᠡᠯᠵᠦ᠂ ᠡᠰᠢ ᠰᠦᠷᠡᠯ ᠢ ᠬᠡᠮᠬᠡᠯᠬᠦ ᠤᠷᠳᠤ ᠶᠢᠨ

ᠬᠡᠮᠵᠢᠶ᠎ᠡ ᠨᠢ 5cm ᠠᠴᠠ ᠳᠣᠷᠣᠭᠰᠢ ᠪᠠᠶᠢᠵᠤ᠂ ᠭᠠᠵᠠᠷ ᠤᠨ ᠭᠠᠳᠠᠷᠭᠤ ᠳᠤ ᠵᠢᠭᠳᠡ ᠰᠠᠴᠤᠵᠤ᠂ 2kg~5kg/ ᠮᠦ ᠡᠰᠢ ᠰᠦᠷᠡᠯ ᠢ ᠢᠯᠵᠢᠷᠡᠭᠦᠯᠬᠦ ᠡᠳ᠋

ᠪᠣᠯᠣᠨ 5kg~8kg/ ᠮᠦ ᠰᠢᠭᠡᠰᠦᠯᠢᠭ ᠡᠳ᠋ ᠤᠨ ᠬᠡᠷᠡᠭᠯᠡᠬᠦ ᠬᠡᠮᠵᠢᠶ᠎ᠡ ᠪᠠᠷ ᠡᠰᠢ ᠰᠦᠷᠡᠯ ᠤᠨ ᠳᠡᠭᠡᠷ᠎ᠡ ᠵᠢᠭᠳᠡ ᠰᠠᠴᠤᠵᠤ᠂ ᠳᠠᠷᠠᠭ᠎ᠠ ᠨᠢ ᠮᠧᠬᠠᠨᠢᠭ ᠢᠶᠠᠷ ᠭᠦᠨ

ᠬᠥᠷᠪᠡᠭᠦᠯᠵᠦ᠂ 30cm ᠠᠴᠠ ᠳᠡᠭᠡᠭᠰᠢ ᠭᠦᠨ ᠬᠥᠷᠪᠡᠭᠦᠯᠬᠦ ᠶᠢᠨ ᠬᠠᠮᠲᠤ ᠴᠠᠭ ᠲᠤᠬᠠᠢ  ᠳᠤᠨᠢ ᠭᠠᠵᠠᠷ ᠢᠶᠠᠨ ᠲᠡᠭᠰᠢᠯᠡᠨ᠎ᠡ᠃

   

ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ