ᠬᠠᠮᠤᠭ ᠤᠨ ᠰᠢᠨ᠎ᠡ ᠵᠠᠷᠯᠠᠯ᠄ ᠰᠢᠨ᠎ᠡ ᠪᠠᠷ ᠨᠡᠮᠡᠭᠳᠡᠭᠰᠡᠨ ᠰᠠᠮᠵᠠ ᠶᠢᠨ ᠪᠤᠳᠤ ᠡᠪᠡᠳᠴᠢᠨ ᠢᠶᠠᠷ ᠲᠤᠳᠤᠯᠠᠬᠳᠠᠬᠰᠠᠨ 80 ᠡᠪᠡᠳᠴᠢᠲᠡᠨ ᠨᠢ ᠴᠥᠮ ᠡᠷᠡᠭᠲᠡᠶ ᠡᠪᠡᠳᠴᠢᠲᠡᠨ ᠪᠣᠯᠤᠨ᠎ᠠ
ᠨᠡᠶᠢᠲᠡᠯᠡᠭᠰᠡᠨ ᠴᠠᠭ᠄
2023/12/18
      12 ᠰᠠᠷ᠎ᠠ ᠶᠢᠨ 13 ᠤ ᠡᠳᠦᠷ᠂ ᠳᠤᠮᠳᠠᠳᠤ ᠤᠯᠤᠰ ᠤᠨ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠠᠯᠪᠠᠨ ᠤ ᠰᠦᠯᠵᠢᠶ᠎ᠡ ᠶᠢᠨ ᠵᠠᠷᠯᠠᠯ ᠳᠤ᠂ 2023 ᠣᠨ ᠤ 11 ᠰᠠᠷ᠎ᠠ ᠶᠢᠨ 1 ᠤ ᠡᠳᠦᠷ ᠠᠴᠠ 30 ᠤ ᠡᠳᠦᠷ  ᠪᠣᠯᠲᠠᠯ᠎ᠠ᠂ ᠳᠤᠮᠳᠠᠳᠤ ᠤᠯᠤᠰ ᠤᠨ ᠲᠤᠳᠤᠷ ᠭᠠᠵᠠᠷ ︵ᠰᠢᠶᠠᠩᠭᠠᠩ ᠣᠣᠮᠧᠨ ᠲᠠᠶᠢᠸᠠᠨ ᠪᠠᠭᠲᠠᠬᠤ ᠥᠬᠡᠶ︶ ᠲᠤ ᠰᠠᠮᠵᠠ ᠶᠢᠨ ᠪᠤᠳᠤ ᠡᠪᠡᠳᠴᠢᠨ ᠢᠶᠠᠷ ᠲᠤᠳᠤᠯᠠᠬᠳᠠᠬᠰᠠᠨ ᠡᠪᠡᠳᠴᠢᠳᠡᠨ 80 ᠨᠡᠮᠡᠭᠳᠡᠪᠡ᠂ ᠡᠭᠦᠨ ᠳᠤ ᠭᠤᠸᠠᠩᠳᠦ᠋ᠩ ᠳᠤ 12᠂ ᠪᠡᠭᠡᠵᠢᠩ ᠳᠤ 10 ᠂ ᠱᠠᠩᠬᠠᠶ ᠳᠤ 8᠂ ᠵᠢᠶᠠᠩᠰᠦ ᠳᠤ 7᠂ ᠵᠧᠵᠢᠶᠠᠩ ᠳᠤ 5᠂ ᠬᠤᠨᠠᠨ ᠳᠤ 5᠂ ᠰᠧᠴᠤᠸᠠᠨ ᠳᠤ 4᠂ ᠹᠦᠵᠢᠶᠠᠨ ᠳᠤ 4᠂ ᠠᠨᠾᠦ᠋ᠢ ᠳᠤ 4᠂ ᠯᠢᠶᠣᠤᠨᠢᠩ ᠳᠤ 3᠂ ᠭᠢᠷᠢᠨ ᠳᠤ 3᠂ ᠬᠠᠶᠢᠨᠠᠨ ᠳᠤ 3᠂ ᠭᠤᠸᠠᠩᠰᠢ ᠳᠤ 3᠂ ᠬᠤᠪᠸᠢ ᠳᠤ 2᠂ ᠴᠦᠩᠴᠢᠩ ᠳᠤ 1᠂ ᠱᠠᠨᠳᠦ᠋ᠩ ᠳᠤ 1᠂ ᠥᠪᠥᠷ ᠮᠣᠩᠭᠤᠯ ᠳᠤ 1᠂ ᠵᠢᠶᠠᠩᠰᠢ ᠳᠤ 1᠂ ᠾᠧᠨᠠᠨ ᠳᠤ 1᠂ ᠬᠦᠢᠵᠸᠦ ᠳᠤ 1᠂ ᠭᠠᠨᠰᠦ ᠳᠤ 1 ᠪᠠᠶᠢᠵᠤ᠂ ᠬᠦᠨᠳᠦ ᠡᠪᠡᠳᠴᠢᠳᠡᠨ ᠭᠠᠷᠤᠬᠰᠠᠨ ᠦᠭᠡᠢ᠂ ᠥᠭᠦᠭᠰᠡᠨ ᠡᠪᠡᠳᠴᠢᠳᠡᠨ ᠭᠠᠷᠤᠬᠰᠠᠨ ᠥᠬᠡᠶ ᠭᠡᠵᠦ ᠮᠡᠳᠡᠬᠦᠯᠵᠡᠢ᠃      ᠲᠠᠬᠤᠯ ᠡᠪᠡᠳᠴᠢᠨ ᠤ ᠰᠤᠳᠤᠯᠤᠯ ᠤᠨ ᠪᠠᠶᠢᠴᠠᠭᠠᠯᠲᠠ ᠵᠠᠳᠠᠯᠤᠯᠲᠠ ᠶᠢ ᠦᠨᠳᠦᠰᠦᠯᠡᠪᠡᠯ᠂ ᠬᠢᠵᠢᠭ ᠤᠨ ᠪᠠᠶᠢᠳᠠᠯ ᠳᠤ ᠳᠤᠤᠷᠠᠬᠢ ᠮᠡᠲᠦ ᠣᠨᠴᠠᠯᠢᠭ ᠢᠯᠡᠷᠡᠵᠦ ᠪᠠᠶᠢᠨ᠎ᠠ᠄ ᠨᠢᠭᠡ ᠳᠤ ᠡᠪᠡᠳᠴᠢᠳᠡᠨ ᠨᠢ ᠴᠥᠮ ᠡᠷᠡᠭᠲᠡᠶ ᠬᠥᠮᠦᠨ ᠪᠦᠭᠡᠳ 93.8% ᠨᠢ ᠡᠷᠡᠭᠲᠡᠶ ᠡᠷᠡᠭᠳᠡᠢ ᠲᠠᠢ ᠪᠠᠨ ᠪᠡᠯᠭᠡ ᠶᠢᠨ ᠠᠵᠢᠯᠯᠠᠭ᠎ᠠ ᠲᠠᠢ ᠬᠥᠮᠦᠰ ᠪᠤᠯᠬᠤ ᠨᠢ ᠲᠣᠳᠣᠷᠬᠠᠶ ᠪᠠᠶᠢᠨ᠎ᠠ᠃ ᠬᠤᠶᠠᠷ ᠲᠤ᠂ ᠪᠤᠰᠤᠳ ᠠᠷᠭ᠎ᠠ ᠮᠠᠶ᠋ᠢᠭ ᠢᠶᠠᠷ ᠬᠠᠯᠳᠠᠪᠤᠷᠢᠯᠠᠬᠤ ᠲᠦᠭᠰᠢᠭᠦᠷᠢ ᠳᠤᠤᠷ᠎ᠠ᠃ ᠪᠡᠯᠭᠡ ᠶᠢᠨ ᠬᠦᠷᠦᠯᠴᠡᠯ ᠠᠴᠠ ᠭᠠᠳᠠᠨᠠᠬᠢ ᠪᠤᠰᠤᠳ ᠨᠢᠭᠲᠠ ᠤᠶᠢᠷᠠᠳᠤᠬᠰᠠᠳ ᠲᠤ  ᠬᠠᠯᠳᠠᠪᠤᠷᠢᠯᠠᠯ ᠡᠭᠦᠰᠦᠭᠰᠡᠨ ᠦᠭᠡᠢ᠃ ᠭᠤᠷᠪᠠ ᠳᠤ᠂ 96.9 % ᠶᠢᠨ ᠡᠪᠡᠳᠴᠢᠲᠡᠨ ᠢ ᠰᠠᠨᠠᠭᠠᠴᠢᠯᠠᠭ᠎ᠠ ᠠᠴᠠ ᠪᠠᠨ ᠡᠮᠨᠡᠭᠦᠯᠬᠦ ᠠᠴᠠ ᠤᠯᠵᠤ ᠮᠡᠳᠡᠵᠦ᠂ 1.5 % ᠶᠢᠨ ᠡᠪᠡᠳᠴᠢᠲᠡᠨ ᠢ ᠨᠢᠭᠲᠠ ᠣᠶᠢᠷᠠᠲᠤᠭᠰᠠᠳ ᠢ ᠮᠥᠷᠳᠡᠨ ᠰᠢᠭᠰᠢᠨ ᠪᠠᠶᠢᠴᠠᠭᠠᠬᠤ ᠦᠶ᠎ᠡ ᠳᠤ ᠤᠯᠵᠤ ᠮᠡᠳᠡᠵᠡᠢ᠃ ᠳᠥᠷᠪᠡ ᠳᠤ ᠵᠣᠩᠬᠢᠯᠠᠬᠤ ᠣᠯᠠᠨ ᠲᠣᠭᠠᠨ ᠤ ᠡᠪᠡᠳᠴᠢᠲᠡᠨ ᠤ ᠡᠮᠴᠢᠯᠡᠭᠡᠨ ᠤ ᠢᠯᠡᠷᠡᠯ ᠨᠢ ᠨᠡᠶᠢᠲᠡᠯᠢᠭ ᠴᠢᠨᠠᠷᠳᠠᠢ ᠪᠠᠶᠢᠨ᠎ᠠ᠂ ᠭᠤᠤᠯᠳᠠᠭᠤ ᠬᠠᠯᠠᠭᠤᠷᠠᠬᠤ᠂ ᠴᠥᠪᠥᠷᠢᠭᠦᠲᠦ ᠡᠰᠡᠷᠭᠡᠨ᠎ᠡ ᠭᠠᠷᠬᠤ᠂ ᠯᠢᠮᠹᠠ ᠶᠢᠨ ᠪᠤᠯᠴᠢᠷᠬᠠᠢ ᠨᠢ ᠬᠠᠪᠤᠳᠬᠤ ᠵᠡᠷᠭᠡ ᠡᠪᠡᠳᠴᠢᠨ ᠤ ᠢᠯᠡᠷᠡᠯ ᠭᠠᠷᠳᠠᠭ᠃   
ᠢᠷᠡᠯᠲᠡ᠄ ᠤᠷᠳᠤᠰ ᠮᠤᠩᠭᠤᠯ ᠰᠦᠯᠵᠢᠶ᠎ᠡ