ᠡᠬᠡ ᠲᠤᠭᠤᠯ ᠢ ᠲᠡᠵᠢᠭᠡᠨ ᠠᠷᠠᠴᠢᠯᠠᠬᠤ ᠬᠠᠮᠢᠶᠠᠷᠤᠯᠲᠠ ᠶᠢᠨ ᠤᠷ᠎ᠠ ᠮᠡᠷᠭᠡᠵᠢᠯ
ᠨᠡᠶᠢᠲᠡᠯᠡᠭᠰᠡᠨ ᠴᠠᠭ᠄
2023/12/27
       ᠲᠤᠰ ᠮᠡᠷᠭᠡᠵᠢᠯ ᠢ ᠲᠠᠷᠢᠶᠠᠯᠠᠬᠤ ᠣᠷᠣᠨ ᠤ ᠬᠠᠰᠢᠶᠠᠯᠠᠨ ᠲᠡᠵᠢᠭᠡᠬᠦ ᠪᠠᠷ ᠭᠤᠣᠯ ᠪᠣᠯᠭᠠᠭᠰᠠᠨ ᠠᠯᠠᠰᠢᠨ ᠦᠬᠡᠷ ᠦᠷᠡᠵᠢᠭᠦᠯᠦᠨ ᠪᠤᠶᠢᠵᠢᠭᠤᠯᠬᠤ ᠲᠠᠯᠠᠪᠠᠢ ᠪᠤᠶᠤ ᠦᠨᠢᠶ᠎ᠡ ᠲᠡᠵᠢᠭᠡᠨ ᠦᠷᠡᠵᠢᠭᠦᠯᠬᠦ ᠡᠷᠦᠬᠡ ᠳᠤ ᠬᠡᠷᠡᠭᠯᠡᠨ᠎ᠡ᠃        ᠨᠢᠭᠡ᠂ ᠲᠧᠭᠨᠢᠭ ᠮᠡᠷᠭᠡᠵᠢᠯ ᠤᠨ ᠭᠤᠣᠯᠳᠠᠯᠭ᠎ᠠ        ︵ᠨᠢᠭᠡ︶ ᠠᠷᠠᠴᠢᠯᠠᠨ ᠲᠡᠵᠢᠭᠡᠬᠦ ᠠᠷᠭ᠎ᠠ ᠮᠠᠶ᠋ᠢᠭ        ᠲᠤᠭᠤᠯ 7 ᠡᠳᠦᠷ ᠪᠤᠯᠤᠭᠰᠠᠨ ᠤ ᠳᠠᠷᠠᠭ᠎ᠠ ᠡᠬᠡ ᠠᠴᠠ ᠨᠢ ᠰᠠᠯᠭᠠᠨ ᠲᠡᠵᠢᠭᠡᠵᠦ᠂ ᠲᠤᠭᠤᠯ ᠤᠨ ᠬᠠᠰᠢᠶ᠎ᠠ ᠪᠠ ᠦᠨᠢᠶᠡᠨ ᠤ ᠬᠠᠰᠢᠶ᠎ᠠ ᠲᠠᠢ ᠬᠥᠷᠰᠢᠯᠡᠵᠦ᠂ ᠡᠳᠦᠷ ᠪᠦᠷᠢ ᠦᠳᠡ ᠶᠢᠨ ᠡᠮᠦᠨ᠎ᠡ ᠬᠤᠶᠢᠨ᠎ᠠ ᠲᠤᠰ ᠪᠦᠷᠢ ᠨᠢᠭᠡ ᠤᠳᠠᠭ᠎ᠠ ᠲᠣᠭᠲᠠᠭᠰᠠᠨ ᠴᠠᠭ ᠲᠤ ᠲᠤᠭᠤᠯ ᠢ ᠦᠨᠢᠶᠡᠨ ᠤ ᠬᠠᠰᠢᠶ᠎ᠠ ᠳᠤ ᠤᠷᠤᠭᠤᠯᠵᠤ ᠬᠥᠬᠦᠭᠦᠯᠦᠨ᠎ᠡ᠂ ᠤᠳᠠᠭ᠎ᠠ ᠪᠦᠷᠢ 1 - 1.5 ᠴᠠᠭ ᠬᠥᠬᠦᠭᠦᠯᠦᠨ᠎ᠡ᠃ ᠲᠤᠭᠤᠯ ᠳᠤ ᠲᠡᠵᠢᠭᠡᠯ ᠪᠣᠷᠳᠣᠭᠠᠨ ᠤ ᠣᠩᠭᠤᠴᠠ ᠪᠠ ᠤᠰᠤ ᠤᠮᠳᠠ ᠶᠢᠨ ᠣᠩᠭᠤᠴᠠ ᠲᠣᠬᠢᠷᠠᠭᠤᠯᠵᠤ ᠥᠭᠬᠦ ᠬᠡᠷᠡᠭᠲᠡᠢ᠃       ᠲᠤᠭᠤᠯ ᠢ ᠳᠤᠷ᠎ᠠ ᠪᠠᠷ ᠨᠢ ᠪᠣᠷᠳᠤᠭ᠎ᠠ ᠪᠠ ᠬᠠᠭᠤᠷᠠᠢ ᠡᠪᠡᠰᠦ ᠢᠳᠡᠭᠦᠯᠵᠦ᠂ ᠳᠤᠷ᠎ᠠ ᠪᠠᠷ ᠨᠢ ᠤᠰᠤ ᠤᠤᠭᠤᠯᠭᠠᠨ᠎ᠠ᠃ ᠲᠤᠭᠤᠯ ᠤᠨ ᠪᠣᠷᠳᠤᠭ᠎ᠠ ᠶᠢ ᠪᠠᠭ᠎ᠠ ᠪᠠᠭ᠎ᠠ ᠪᠠᠷ ᠤᠯᠠᠨ ᠤᠳᠠᠭ᠎ᠠ ᠨᠡᠮᠡᠨ᠎ᠡ᠂ ᠰᠢᠮ᠎ᠡ ᠲᠡᠵᠢᠭᠡᠯ ᠤᠨ ᠰᠢᠨ᠎ᠡ ᠰᠣᠷᠭᠤᠭ ᠢ ᠪᠠᠲᠤᠯᠠᠨ᠎ᠠ᠃ ᠡᠪᠦᠯ ᠤᠨ ᠤᠯᠠᠷᠢᠯ ᠳᠤ ᠬᠥᠬᠦᠭᠦᠯ ᠲᠤᠭᠤᠯ ᠤᠨ ᠤᠰᠤᠨ ᠤ ᠳᠤᠯᠠᠭᠠᠨ ᠤ ᠬᠡᠮᠵᠢᠶ᠎ᠡ ᠶᠢ 20-30℃ ᠤᠨ ᠬᠤᠭᠤᠷᠣᠨᠳᠤ ᠬᠢᠵᠠᠭᠠᠷᠯᠠᠵᠤ᠂ ᠰᠦ ᠠᠴᠠ ᠨᠢ ᠰᠠᠯᠭᠠᠭᠰᠠᠨ ᠲᠤᠭᠤᠯ ᠤᠨ ᠬᠢ ᠶᠢ 10-20℃ ᠤᠨ ᠬᠤᠭᠤᠷᠣᠨᠳᠤ ᠪᠠᠶᠢᠯᠭᠠᠨ᠎ᠠ᠃        ᠦᠨᠢᠶ᠎ᠡ ᠶᠢ ᠡᠳᠦᠷ ᠲᠤ ᠬᠤᠶᠠᠷ ᠤᠳᠠᠭ᠎ᠠ ᠲᠡᠵᠢᠭᠡᠵᠦ᠂ ᠤᠰᠤ ᠶᠢ ᠨᠢ ᠴᠢᠯᠦᠭᠡᠲᠡᠢ ᠤᠤᠭᠤᠯᠭᠠᠨ᠎ᠠ᠃ ᠲᠤᠭᠤᠯ ᠲᠠᠢ ᠦᠨᠢᠶᠡᠨ ᠤ ᠰᠦᠷᠦᠭ ᠢ 20 ᠲᠣᠯᠣᠭᠠᠢ ᠠᠴᠠ ᠬᠡᠲᠦᠷᠡᠭᠦᠯᠬᠦ ᠦᠭᠡᠢ ᠪᠠᠶᠢᠪᠠᠯ ᠵᠣᠬᠢᠨ᠎ᠠ᠂ ᠲᠡᠵᠢᠭᠡᠪᠦᠷᠢ ᠶᠢᠨ ᠨᠢᠭᠲᠠᠴᠠ ᠨᠢ 12 - 15 ᠲᠡᠭᠰᠢ ᠳᠥᠷᠪᠡᠯᠵᠢᠨ ᠮᠧᠲᠷ \ ᠲᠣᠯᠣᠭᠠᠢ᠂ ᠲᠤᠭᠤᠯ᠄ 2 - 4 ᠲᠡᠭᠰᠢ ᠳᠥᠷᠪᠡᠯᠵᠢᠨ ᠮᠧᠲᠷ \ ᠲᠣᠯᠣᠭᠠᠢ᠃       ︵ᠬᠤᠶᠠᠷ︶ ᠲᠤᠭᠤᠯ ᠢ ᠰᠦᠨ ᠠᠴᠠ ᠰᠠᠯᠭᠠᠬᠤ        ᠲᠤᠭᠤᠯ ᠡᠳᠦᠷ ᠪᠦᠷᠢ 1.0kg ᠲᠤᠭᠤᠯ ᠤᠨ ᠪᠣᠷᠳᠤᠭ᠎ᠠ ᠢᠳᠡᠪᠡᠯ᠂ ᠰᠦ ᠠᠴᠠ ᠨᠢ ᠰᠠᠯᠭᠠᠵᠤ ᠪᠣᠯᠣᠨ᠎ᠠ᠂ 2 - 3 ᠰᠠᠷ᠎ᠠ ᠪᠤᠯᠤᠭᠰᠠᠨ ᠳᠤᠭᠤᠯ ᠢ ᠰᠦ ᠠᠴᠠ ᠨᠢ ᠰᠠᠯᠭᠠᠪᠠᠯ ᠵᠣᠬᠢᠨ᠎ᠠ᠃ ᠲᠤᠭᠤᠯ ᠤᠨ ᠬᠥᠬᠦᠭᠦᠯᠬᠦ ᠬᠤᠭᠤᠴᠠᠭᠠᠨ ᠤ ᠡᠳᠦᠷ ᠪᠦᠷᠢ ᠶᠢᠨ ᠳᠤᠮᠳᠠᠴᠢ ᠬᠦᠨᠳᠦ ᠶᠢᠨ ᠨᠡᠮᠡᠭᠳᠡᠯ ᠨᠢ 0.7 ᠺᠢᠯᠣᠭ᠍ᠷᠠᠮ ᠳᠤ ᠬᠦᠷᠳᠡᠭ ᠦᠭᠡᠢ᠃       ᠲᠤᠭᠤᠯ ᠤᠨ ᠰᠦ ᠶᠢ ᠵᠣᠭᠰᠤᠭᠠᠬᠤ ᠦᠶᠡᠰ ᠠᠯᠬᠤᠮ ᠳᠠᠷᠠᠭ᠎ᠠ ᠲᠠᠢ ᠪᠠᠷ ᠵᠣᠭᠰᠤᠭᠠᠬᠤ ᠠᠴᠠ ᠪᠢᠰᠢ᠂ ᠭᠡᠨᠡᠳᠲᠡ ᠰᠦ ᠲᠠᠰᠤᠯᠵᠤ ᠪᠣᠯᠬᠤ ᠦᠭᠡᠢ᠃ ᠬᠥᠬᠦᠭᠦᠯᠬᠦ ᠤᠳᠠᠭ᠎ᠠ ᠪᠠᠨ ᠪᠠᠭᠠᠰᠬᠠᠬᠤ ᠠᠷᠭ᠎ᠠ ᠪᠠᠷ ᠠᠭᠠᠵᠢᠮ ᠢᠶᠠᠷ ᠰᠦ ᠵᠣᠭᠰᠣᠭᠠᠵᠤ᠂ ᠡᠳᠦᠷ ᠪᠦᠷᠢ 2 ᠤᠳᠠᠭ᠎ᠠ ᠬᠦᠬᠦᠭᠦᠯᠵᠦ ᠪᠠᠶᠢᠭᠰᠠᠨ ᠢ ᠪᠠᠭᠠᠰᠬᠠᠭᠠᠳ 1 ᠤᠳᠠᠭ᠎ᠠ ᠬᠦᠬᠦᠭᠦᠯᠬᠦ ᠪᠤᠯᠭᠠᠵᠤ᠂ 3 ᠡᠳᠦᠷ ᠤᠨ ᠳᠠᠷᠠᠭ᠎ᠠ ᠰᠦ ᠠᠴᠠ ᠨᠢ ᠰᠠᠯᠭᠠᠨ᠎ᠠ᠃       ︵ᠭᠤᠷᠪᠠ︶ ᠡᠳᠦᠷ ᠲᠤᠳᠤᠮ ᠤᠨ ᠬᠠᠮᠢᠶᠠᠷᠤᠯᠲᠠ       1. ᠣᠷᠴᠢᠨ ᠲᠣᠭᠤᠷᠢᠨ ᠤ ᠡᠵᠡᠮᠳᠡᠯ᠃ ᠬᠠᠰᠢᠶ᠎ᠠ ᠶᠢᠨ ᠣᠷᠴᠢᠨ ᠲᠣᠭᠤᠷᠢᠨ ᠨᠢ ᠬᠠᠭᠤᠷᠠᠢ ᠪᠥᠭᠡᠳ ᠰᠠᠯᠬᠢ ᠵᠢᠪᠠᠷ ᠰᠠᠶᠢᠨ ᠨᠡᠪᠲᠡᠷᠡᠬᠦ ᠬᠡᠷᠡᠭᠲᠡᠢ᠃ ᠤᠮᠠᠷᠠᠲᠤ ᠣᠷᠣᠨ ᠤ ᠬᠦᠢᠲᠡᠨ ᠣᠷᠣᠨ ᠳᠤ ᠰᠠᠯᠬᠢ ᠨᠡᠪᠲᠡᠷᠡᠬᠦ ᠶᠢ ᠪᠠᠲᠤᠯᠠᠵᠤ᠂ ᠬᠤᠯᠠᠭᠠᠢ ᠰᠠᠯᠬᠢ ᠰᠢᠭᠤᠳ ᠦᠬᠡᠷ ᠤᠨ ᠪᠡᠶ᠎ᠡ ᠳᠤ ᠦᠯᠢᠶᠡᠬᠦ ᠠᠴᠠ ᠰᠡᠷᠭᠡᠶᠢᠯᠡᠨ᠎ᠡ᠃ ᠦᠨᠢᠶ᠎ᠡ ᠪᠠ ᠲᠤᠭᠤᠯ ᠬᠡᠪᠲᠡᠭᠰᠡᠨ ᠣᠷᠣᠨ ᠳᠤ ᠬᠠᠭᠤᠷᠠᠢ ᠡᠪᠡᠰᠦ ᠪᠤᠶᠤ ᠬᠠᠭᠤᠷᠠᠢ ᠡᠳ᠋ ᠢ ᠳᠡᠪᠢᠰᠴᠦ᠂ ᠦᠨᠢᠶᠡᠨ ᠤ ᠬᠥᠬᠦᠨ ᠤ ᠡᠷᠡᠭᠦᠯ ᠬᠠᠮᠠᠭᠠᠯᠠᠯ ᠢ ᠪᠠᠲᠤᠯᠠᠵᠤ᠂ ᠲᠤᠭᠤᠯ ᠵᠢᠩᠭᠢᠨᠡᠬᠦ ᠠᠴᠠ ᠰᠡᠷᠭᠡᠶᠢᠯᠡᠬᠦ ᠴᠢᠬᠤᠯᠠᠳᠠᠢ᠃ ᠨᠥᠬᠦᠴᠡᠯ ᠲᠠᠢ ᠪᠣᠯ ᠲᠤᠭᠤᠯ ᠤᠨ ᠬᠥᠳᠡᠯᠭᠡᠭᠡᠨ ᠤ ᠲᠣᠭᠤᠷᠢᠭ ᠲᠤ ᠳᠤᠯᠠᠭᠠᠯᠠᠭ᠎ᠠ ᠶᠢᠨ ᠲᠥᠬᠦᠭᠡᠷᠦᠮᠵᠢ ᠨᠡᠮᠡᠬᠦ ᠬᠡᠷᠡᠭᠲᠡᠢ᠃       2. ᠡᠪᠡᠷ᠂ ᠪᠦᠭᠡᠷ᠎ᠡ ᠶᠢ ᠨᠢ ᠠᠪᠬᠤ᠃ 7 - 10 ᠡᠳᠦᠷ ᠤᠨ ᠬᠤᠭᠤᠴᠠᠭᠠᠨ ᠳᠤ ᠲᠤᠭᠤᠯ ᠤᠨ ᠡᠪᠡᠷ ᠢ ᠨᠢ ᠠᠪᠴᠤ ᠬᠠᠶᠠᠨ᠎ᠠ᠂ ᠬᠠᠮᠤᠭ ᠰᠠᠶᠢᠨ ᠠᠷᠭ᠎ᠠ ᠨᠢ ᠡᠪᠡᠷ ᠠᠪᠬᠤ ᠫᠤᠤ ᠪᠠᠷ ᠠᠪᠤᠨ᠎ᠠ᠂ ᠳᠠᠷᠠᠭ᠎ᠠ ᠨᠢ ᠡᠪᠡᠷ ᠠᠪᠬᠤ ᠤᠸ᠎ᠠ ᠲᠦᠷᠬᠢᠨ᠎ᠡ᠃ ᠬᠡᠷᠪᠡ ᠪᠣᠷᠳᠣᠵᠤ ᠲᠠᠷᠭᠤᠯᠠᠭᠤᠯᠬᠤ ᠬᠠᠷᠠᠯᠲᠠ ᠶᠢ ᠦᠨᠳᠦᠰᠦᠯᠡᠨ ᠪᠦᠭᠡᠷ᠎ᠡ ᠠᠪᠬᠤ ᠱᠠᠭᠠᠷᠳᠠᠯᠭ᠎ᠠ ᠲᠠᠢ ᠪᠣᠯ ᠰᠤᠨᠤᠮᠠᠬᠠᠢ ᠪᠤᠭᠤᠯᠳᠠ ᠪᠠᠷ ᠡᠷᠳᠡᠬᠡᠨ ᠤᠶᠠᠵᠤ᠂ ᠰᠡᠷᠡᠯᠵᠢᠯ ᠢ ᠪᠠᠭᠠᠰᠬᠠᠨ᠎ᠠ᠃       3. ᠬᠤᠷᠣᠬᠠᠢ ᠬᠥᠭᠡᠭᠡᠬᠦ᠃ ᠲᠤᠭᠤᠯ 20 ᠡᠳᠦᠷ ᠪᠤᠯᠤᠭᠰᠠᠨ ᠤ ᠳᠠᠷᠠᠭ᠎ᠠ ᠨᠢᠭᠡ ᠤᠳᠠᠭ᠎ᠠ ᠥᠷᠭᠡᠨ ᠬᠡᠪᠴᠢᠶᠡᠨ ᠤ ᠬᠤᠷᠣᠬᠠᠢ ᠬᠥᠭᠡᠭᠡᠬᠦ ᠠᠵᠢᠯᠯᠠᠭ᠎ᠠ ᠬᠢᠬᠦ ᠴᠢᠬᠤᠯᠠᠳᠠᠢ᠃      4. ᠡᠭᠡᠯᠢᠯᠡᠭᠡ᠃ ᠲᠤᠭᠤᠯ ᠤᠨ ᠡᠭᠡᠯᠢᠯᠡᠭᠡ ᠶᠢᠨ ᠶᠠᠪᠤᠴᠠ ᠶᠢ ᠴᠢᠩᠭᠠᠳᠬᠠᠬᠤ ᠶᠢ ᠴᠢᠬᠤᠯᠠᠴᠢᠯᠠᠨ᠎ᠠ᠃ ᠵᠢᠱᠢᠶᠡᠯᠡᠪᠡᠯ 20 ᠡᠳᠦᠷ ᠪᠣᠯᠬᠤ ᠦᠶ᠎ᠡ ᠳᠤ ᠪᠤᠯᠴᠢᠩ ᠳᠤᠨᠢ ᠦᠬᠡᠷ ᠤᠨ ᠬᠢᠵᠢᠭ ᠤᠨ ᠸᠠᠺᠼᠢᠨ ᠢ ᠲᠠᠷᠢᠨ᠎ᠠ᠃ 35 - 40 ᠡᠳᠦᠷ ᠤᠨ ᠬᠤᠭᠤᠴᠠᠭᠠᠨ ᠳᠤ ᠲᠤᠭᠤᠯ ᠤᠨ ᠳᠡᠳ᠋ ᠭᠡᠳᠡᠰᠦᠨ ᠬᠢᠵᠢᠭ ᠤᠨ ᠪᠠᠺᠲ᠋ᠧᠷᠢᠲᠦ ᠸᠠᠺᠼᠢᠨ ᠢ ᠤᠤᠭᠤᠯᠭᠠᠬᠤ ᠪᠤᠶᠤ ᠪᠤᠯᠴᠢᠩ ᠳᠤᠨᠢ ᠵᠠᠭᠦᠯᠡᠨ᠎ᠡ᠃ 60 ᠬᠤᠨᠤᠭ ᠤᠨ ᠦᠶ᠎ᠡ ᠳᠤ ᠪᠤᠯᠴᠢᠩ ᠳᠤᠨᠢ ᠦᠬᠡᠷ ᠤᠨ ᠬᠢᠵᠢᠭ᠂ ᠠᠭᠤᠰᠬᠢᠨ ᠤ ᠬᠢᠵᠢᠭ᠂ ᠭᠠᠯ ᠬᠠᠪᠤᠳᠠᠷ ᠤᠨ ᠭᠤᠷᠪᠠᠯᠠᠭᠰᠠᠨ ᠸᠠᠺᠼᠢᠨ ᠵᠡᠷᠭᠡ ᠶᠢ ᠲᠠᠷᠢᠨ᠎ᠠ᠃     5. ᠦᠨᠢᠶ᠎ᠡ ᠶᠢᠨ ᠪᠡᠶ᠎ᠡ ᠶᠢᠨ ᠪᠠᠶᠢᠳᠠᠯ᠃ ᠡᠨᠡ ᠬᠦ ᠱᠠᠲᠤᠨ ᠳᠤ ᠡᠬᠡ ᠮᠠᠯ ᠤᠨ ᠪᠡᠶ᠎ᠡ ᠶᠢᠨ ᠪᠠᠶᠢᠳᠠᠯ ᠨᠢ 5-6 ᠬᠤᠪᠢ ᠪᠠᠶᠢᠪᠠᠯ ᠰᠠᠶᠢᠨ᠂ 5 ᠬᠤᠪᠢ ᠠᠴᠠ ᠳᠣᠣᠷ᠎ᠠ ᠪᠠᠶᠢᠪᠠᠯ᠂ ᠬᠤᠨᠤᠭ ᠤᠨ ᠠᠮᠤ ᠶᠢᠨ ᠰᠢᠮ᠎ᠡ ᠲᠡᠵᠢᠭᠡᠯ ᠤᠨ ᠬᠡᠮᠵᠢᠶ᠎ᠡ ᠶᠢ ᠲᠣᠬᠢᠷᠠᠭᠤᠯᠬᠤ ᠵᠡᠷᠭᠡ ᠮᠡᠷᠭᠡᠵᠢᠯ ᠤᠨ ᠠᠷᠭ᠎ᠠ ᠪᠠᠷ ᠡᠬᠡ ᠮᠠᠯ ᠤᠨ ᠪᠡᠶ᠎ᠡ ᠶᠢᠨ ᠪᠠᠶᠢᠳᠠᠯ ᠢ ᠰᠠᠶᠢᠵᠢᠷᠠᠭᠤᠯᠤᠨ᠎ᠠ᠃ ᠡᠭᠦᠨ ᠤ ᠬᠠᠮᠲᠤ ᠲᠤᠭᠤᠯ ᠢ 2-3 ᠰᠠᠷ᠎ᠠ ᠶᠢᠨ ᠬᠤᠭᠤᠴᠠᠭᠠᠨ ᠳᠤ ᠰᠦ ᠠᠴᠠ ᠨᠢ ᠰᠠᠯᠭᠠᠪᠠᠯ ᠡᠬᠡ ᠮᠠᠯ ᠬᠥᠩᠭᠡᠵᠢᠭᠰᠡᠨ ᠤ ᠳᠠᠷᠠᠭ᠎ᠠ ᠳᠠᠬᠢᠨ ᠬᠡᠭᠡᠯᠲᠦᠭᠦᠯᠬᠦ ᠳᠤ ᠲᠤᠰᠠᠲᠠᠢ᠂ ᠡᠬᠡ ᠮᠠᠯ ᠤᠨ ᠲᠤᠭᠤᠯᠯᠠᠬᠤ ᠵᠠᠢ ᠶᠢ ᠪᠠᠭᠠᠰᠬᠠᠨ᠎ᠠ᠃      ᠬᠤᠶᠠᠷ᠂ ᠠᠩᠬᠠᠷᠬᠤ ᠵᠦᠢᠯ      ᠨᠢᠭᠡ ᠳᠤ᠂ ᠡᠬᠡ ᠲᠤᠭᠤᠯ ᠢ ᠲᠡᠵᠢᠭᠡᠨ ᠠᠷᠠᠴᠢᠯᠠᠬᠤ ᠱᠠᠲᠤᠨ ᠳᠤ᠂ ᠲᠤᠭᠤᠯ ᠤᠨ ᠲᠡᠵᠢᠭᠡᠯ ᠤᠨ ᠣᠩᠭᠤᠴᠠ ᠪᠠ ᠤᠰᠤᠨ ᠣᠩᠭᠤᠴᠠ ᠶᠢᠨ ᠠᠷᠢᠭᠤᠨ ᠴᠡᠪᠡᠷ ᠤᠨ ᠬᠠᠮᠢᠶᠠᠷᠤᠯᠲᠠ ᠶᠢ ᠴᠢᠩᠭᠠᠳᠬᠠᠵᠤ᠂ ᠬᠥᠬᠦᠭᠦᠯᠬᠦ ᠴᠠᠭ᠂ ᠡᠬᠡ ᠪᠠ ᠲᠤᠭᠤᠯ ᠤᠨ ᠡᠪᠡᠰᠦᠨ ᠳᠡᠪᠢᠰᠬᠡᠷ ᠤᠨ ᠬᠠᠮᠢᠶᠠᠷᠤᠯᠲᠠ ᠶᠢ ᠲᠣᠭᠲᠠᠭᠠᠨ᠂ ᠬᠠᠰᠢᠶ᠎ᠠ ᠶᠢᠨ ᠠᠭᠠᠷ ᠤᠨ ᠴᠢᠨᠠᠷ ᠢ ᠪᠠᠲᠤᠯᠠᠵᠤ᠂ ᠲᠤᠭᠤᠯ ᠤᠨ ᠰᠠᠭᠤᠯᠭᠠᠬᠤ ᠪᠠ ᠠᠭᠤᠰᠬᠢᠨ ᠤ ᠦᠷᠪᠢᠰᠦᠯ ᠤᠨ ᠡᠭᠦᠰᠬᠦ ᠨᠣᠷᠮ᠎ᠠ ᠶᠢ ᠪᠠᠭᠤᠷᠠᠭᠤᠯᠤᠨ᠎ᠠ᠃      ᠬᠤᠶᠠᠷ ᠲᠤ᠂ ᠪᠠᠭᠤᠷᠠᠢ ᠲᠤᠭᠤᠯ ᠤᠨ ᠰᠦ ᠠᠴᠠ ᠨᠢ ᠰᠠᠯᠭᠠᠬᠤ ᠴᠠᠭ ᠢ ᠵᠣᠬᠢᠬᠤ ᠬᠡᠮᠵᠢᠶ᠎ᠡ ᠪᠠᠷ ᠬᠤᠶᠢᠰᠢᠯᠠᠭᠤᠯᠵᠤ᠂ ᠠᠰ ᠢᠶᠠᠷ ᠨᠢ ᠲᠡᠵᠢᠭᠡᠨ ᠠᠷᠠᠴᠢᠯᠠᠵᠤ᠂ ᠬᠥᠰᠢᠭᠦᠨ ᠦᠬᠡᠷ ᠪᠣᠯᠬᠤ ᠠᠴᠠ ᠰᠡᠷᠭᠡᠶᠢᠯᠡᠨ᠎ᠡ᠃ ᠴᠠᠭ ᠠᠭᠤᠷ ᠤᠨ ᠪᠠᠶᠢᠳᠠᠯ ᠮᠠᠭᠤ ᠪᠣᠯ ᠰᠦ ᠠᠴᠠ ᠨᠢ ᠰᠠᠯᠭᠠᠬᠤ ᠶᠢ ᠵᠣᠬᠢᠬᠤ ᠬᠡᠮᠵᠢᠶ᠎ᠡ ᠪᠠᠷ ᠬᠤᠶᠢᠰᠢᠯᠠᠭᠤᠯᠬᠤ ᠬᠡᠷᠡᠭᠲᠡᠢ᠃      ᠭᠤᠷᠪᠠ ᠳᠤ᠂ ᠰᠦ ᠠᠴᠠ ᠨᠢ ᠰᠠᠯᠭᠠᠬᠤ᠂ ᠪᠤᠷᠳᠤᠭ᠎ᠠ ᠰᠣᠯᠢᠬᠤ᠂ ᠰᠦᠷᠦᠭ ᠬᠤᠪᠢᠶᠠᠬᠤ ᠭᠤᠷᠪᠠᠨ ᠵᠦᠢᠯ ᠤᠨ ᠰᠢᠢᠳᠪᠦᠷᠢᠯᠡᠬᠦ ᠠᠷᠭ᠎ᠠ ᠶᠢ ᠵᠡᠷᠭᠡᠪᠡᠷ ᠬᠢᠬᠦ ᠠᠴᠠ ᠵᠠᠶᠢᠯᠠᠰᠬᠢᠵᠦ᠂ ᠰᠡᠷᠡᠯᠵᠢᠯ ᠤᠨ ᠳᠤᠰᠬᠠᠯ ᠳᠠᠪᠬᠤᠴᠠᠵᠤ᠂ ᠲᠤᠭᠤᠯ ᠤᠨ ᠡᠷᠡᠭᠦᠯ ᠮᠡᠨᠳᠦ ᠶᠢ ᠨᠥᠯᠥᠭᠡᠯᠡᠬᠦ ᠠᠴᠠ ᠰᠡᠷᠭᠡᠶᠢᠯᠡᠬᠦ ᠬᠡᠷᠡᠭᠲᠡᠢ᠃    
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ