ᠳᠠᠯᠠᠳ ᠬᠤᠰᠢᠭᠤ ᠨᠡᠶᠢᠭᠡᠮ ᠤᠨ ᠬᠡᠷᠡᠭᠯᠡᠭᠡᠨ ᠤ ᠦᠰᠦᠭ ᠪᠢᠴᠢᠭ ᠢ ᠲᠦᠷᠢᠮᠵᠢᠭᠦᠯᠵᠤ ᠪᠤᠢ
ᠨᠡᠶᠢᠲᠡᠯᠡᠭᠰᠡᠨ ᠴᠠᠭ᠄
2023/12/5
                            ᠦᠢᠷ᠎ᠠ ᠳᠤ᠂ ᠳᠠᠯᠠᠳ ᠬᠤᠰᠢᠭᠤᠨ ᠤ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ᠨᠢ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠵᠡᠷᠭᠡ ᠬᠤᠯᠪᠤᠬᠳᠠᠯ ᠪᠦᠬᠦᠢ ᠪᠠᠶᠢᠭᠤᠯᠭ᠎ᠠ ᠨᠢᠭᠡᠴᠢ ᠲᠠᠢ ᠬᠠᠮᠲᠤᠷᠠᠨ ᠲᠤᠰᠬᠠᠢ ᠪᠠᠶᠢᠴᠠᠭᠠᠬᠤ ᠳᠤᠭᠤᠢᠢᠯᠠᠩ ᠪᠠᠶᠢᠭᠤᠯᠵᠦ᠂ ᠬᠤᠰᠢᠭᠤᠨ ᠤ ᠭᠡᠪᠴᠢᠶᠡᠨ ᠳᠠᠬᠢ ᠬᠤᠯᠪᠤᠬᠳᠠᠯ ᠪᠦᠭᠦᠢ ᠴᠣᠩᠬᠤᠪᠴᠢ ᠦᠢᠯᠡᠴᠢᠯᠡᠭᠡᠨ ᠤ ᠪᠠᠶᠢᠭᠤᠯᠭ᠎ᠠ᠂ ᠳᠡᠯᠭᠡᠭᠦᠷ ᠬᠤᠳᠠᠯᠳᠤᠭ᠎ᠠ᠂ ᠵᠤᠭᠠᠴᠠᠯ ᠤᠨ ᠭᠠᠵᠠᠷ ᠵᠡᠷᠭᠡ ᠤᠯᠠᠨ ᠨᠡᠶᠢᠳᠡ ᠶᠢᠨ ᠲᠠᠯᠠᠪᠤᠷ ᠤᠨ ᠨᠡᠶᠢᠭᠡᠮ ᠤᠨ ᠬᠡᠷᠡᠭᠯᠡᠭᠡᠨ ᠤ ᠦᠰᠦᠭ ᠪᠢᠴᠢᠭ ᠢ ᠲᠦᠷᠢᠮᠵᠢᠭᠦᠯᠤᠨ ᠬᠡᠷᠡᠭᠯᠡᠵᠤ ᠪᠠᠶᠢᠬᠤ ᠪᠠᠶᠢᠳᠠᠯ ᠳᠤ ᠪᠠᠶᠢᠴᠠᠭᠠᠯᠳᠡ ᠬᠢᠭᠰᠡᠨ ᠪᠠᠶᠢᠨ᠎ᠠ᠃     ᠪᠠᠶᠢᠴᠠᠭᠠᠬᠤ ᠳᠤᠭᠤᠢᠢᠯᠠᠩ ᠤᠨ ᠬᠢᠨ ᠲᠤᠬᠠᠢ ᠶᠢᠨ ᠲᠠᠯᠠᠪᠠᠢ ᠳᠤ ᠬᠦᠷᠴᠤ ᠪᠠᠶᠢᠴᠠᠭᠠᠨ ᠦᠵᠡᠵᠦ ᠲᠠᠷᠤᠢ ᠳᠤᠨᠢ ᠬᠠᠷᠢᠭᠤ ᠲᠤᠰᠬᠠᠬᠤ ᠬᠡᠯᠪᠡᠷᠢ ᠪᠠᠷ ᠴᠣᠩᠬᠤᠪᠴᠢ ᠦᠢᠯᠡᠴᠢᠯᠡᠭᠡᠨ ᠤ ᠪᠠᠶᠢᠭᠤᠯᠭ᠎ᠠ᠂ ᠲᠡᠯᠬᠡᠬᠦᠷ ᠤᠨ ᠫᠠᠶᠢᠰᠠ ᠢᠯᠡᠷᠬᠡᠶᠢᠯᠡᠯ᠂ ᠤᠬᠠᠭᠤᠯᠭ᠎ᠠ ᠶᠢᠨ ᠰᠠᠮᠪᠠᠷ᠎ᠠ᠂ ᠵᠠᠷ ᠮᠡᠳᠡᠭᠡ ᠵᠡᠷᠭᠡ ᠨᠡᠶᠢᠭᠡᠮ ᠤᠨ ᠬᠡᠷᠡᠭᠯᠡᠭᠡᠨ ᠤ ᠦᠰᠦᠭ ᠪᠢᠴᠢᠭ ᠤᠨ ᠳᠦᠷᠢᠮᠵᠢᠭᠰᠡᠨ ᠪᠠᠶᠢᠳᠠᠯ ᠢ ᠪᠠᠶᠢᠴᠠᠭᠠᠵᠤ᠂ ᠦᠰᠦᠭ ᠤᠨ ᠠᠯᠳᠠᠭ᠎ᠠ᠂ ᠣᠷᠴᠢᠭᠤᠯᠭ᠎ᠠ ᠶᠢᠨ ᠪᠤᠷᠤᠭᠤ ᠵᠡᠷᠭᠡ ᠲᠠᠯ᠎ᠠ ᠶᠢᠨ ᠳᠦᠷᠢᠮᠵᠢᠭᠦᠨ ᠪᠤᠰᠤ ᠪᠠᠶᠢᠳᠠᠯ ᠢ ᠬᠠᠷᠢᠭᠤ ᠲᠤᠰᠬᠠᠨ ᠵᠠᠯᠠᠷᠠᠭᠤᠯᠵᠤ᠂ ᠪᠠᠰᠨ ᠠᠯᠳᠠᠭ᠎ᠠ ᠪᠤᠷᠤᠭᠤ ᠶᠢ ᠨᠢ ᠶᠠᠭᠠᠬᠢᠵᠤ ᠵᠠᠰᠠᠵᠤ ᠵᠠᠯᠠᠷᠠᠭᠤᠯᠬᠤ ᠲᠤᠬᠠᠢ ᠬᠦᠯᠢᠴᠡᠩᠭᠦᠢ ᠪᠠᠷ ᠨᠠᠷᠢᠯᠢᠭ ᠰᠠᠶᠢᠬᠠᠨ ᠲᠠᠶᠢᠯᠪᠤᠷᠢᠯᠠᠵᠤ ᠦᠭᠬᠦᠭᠰᠡᠨ ᠤ ᠬᠠᠮᠳᠤ ᠦᠭᠡ ᠬᠡᠯᠡ ᠦᠰᠦᠭ ᠪᠢᠴᠢᠭ ᠤᠨ ᠬᠤᠯᠪᠤᠬᠳᠠᠯ ᠪᠦᠬᠦᠢ ᠲᠥᠷᠥ ᠶᠢᠨ ᠪᠣᠳᠣᠯᠭ᠎ᠠ ᠬᠠᠤᠯᠢ ᠳᠦᠷᠢᠮ ᠢ ᠤᠬᠠᠭᠤᠯᠤᠨ ᠲᠠᠶᠢᠯᠪᠤᠷᠢᠯᠠᠬᠰᠡᠨ ᠪᠠᠶᠢᠨ᠎ᠠ᠃     ᠲᠤᠰ ᠤᠳᠠᠭᠠᠨ ᠤ ᠪᠠᠶᠢᠴᠠᠭᠠᠯᠲᠠ ᠪᠠᠷ ᠳᠠᠮᠵᠢᠭᠠᠳ ᠤᠯᠠᠨ ᠲᠦᠮᠡᠨ ᠤ ᠨᠡᠶᠢᠲᠡ ᠶᠢᠨ ᠦᠢᠯᠡᠴᠢᠯᠡᠭᠡᠨ ᠤ ᠭᠠᠵᠠᠷ ᠤᠨ ᠨᠡᠶᠢᠭᠡᠮ ᠤᠨ ᠬᠡᠷᠡᠭᠯᠡᠭᠡᠨ ᠤ ᠦᠭᠡ ᠬᠡᠯᠡ ᠦᠰᠦᠭ ᠪᠢᠴᠢᠭ ᠤᠨ ᠳᠦᠷᠢᠮᠵᠢᠯ ᠤᠨ ᠲᠤᠬᠠᠢ ᠲᠠᠨᠢᠯᠲᠠ ᠶᠢ ᠳᠡᠭᠡᠭᠰᠢᠯᠡᠭᠦᠯᠦᠭᠰᠡᠨ ᠢᠶᠠᠷ ᠪᠠᠷᠠᠬᠤ ᠦᠭᠡᠢ ᠨᠡᠶᠢᠭᠡᠮ ᠤᠨ ᠬᠡᠷᠡᠭᠯᠡᠭᠡᠨ ᠤ ᠦᠭᠡ ᠬᠡᠯᠡ ᠦᠰᠦᠭ ᠪᠢᠴᠢᠭ ᠢ ᠲᠦᠷᠢᠮᠵᠢᠬᠦᠨ ᠬᠡᠷᠡᠭᠯᠡᠬᠦ ᠰᠢᠯᠢᠳᠡᠭ ᠰᠠᠶᠢᠨ ᠣᠷᠴᠢᠨ ᠠᠬᠤᠢ ᠶᠢ ᠪᠣᠢ ᠪᠣᠯᠭᠠᠵᠤ᠂ ᠪᠣᠯᠪᠠᠰᠤᠨ ᠬᠤᠲᠠ ᠶᠢ ᠡᠭᠦᠳᠤᠨ ᠪᠠᠶᠢᠭᠤᠯᠬᠤ ᠠᠵᠢᠯ ᠳᠤ ᠢᠳᠡᠪᠬᠢᠲᠡᠢ ᠦᠢᠯᠡᠳᠦᠯ ᠦᠵᠡᠭᠦᠯᠦᠭᠰᠠᠨ ᠪᠠᠶᠢᠨ᠎ᠠ᠃  
ᠢᠷᠡᠯᠲᠡ᠄ ᠤᠷᠳᠤᠰ ᠤᠨ ᠡᠳᠤᠷ ᠤᠨ ᠰᠤᠨᠢᠨ