ᠠᠳᠣᠭᠤᠨ ᠤ ᠪᠤᠯᠴᠢᠷᠬᠠᠶᠢᠲᠤ ᠬᠢᠵᠢᠭ ᠢ ᠬᠡᠷᠬᠢᠨ ᠤᠨᠤᠰᠢᠯᠠᠬᠤ ᠪᠤᠢ︖
ᠨᠡᠶᠢᠲᠡᠯᠡᠭᠰᠡᠨ ᠴᠠᠭ᠄
2023/2/13
       ᠨᠡᠶᠢᠲᠡᠯᠢᠭ ᠪᠣᠯᠴᠢᠷᠬᠠᠶᠢᠲᠤ ᠬᠢᠵᠢᠭ᠄ ᠭᠡᠮᠨᠡᠭᠰᠡᠨ ᠮᠤᠷᠢᠨ ᠤ ᠡᠷᠡᠦ ᠳᠤᠤᠷᠠᠬᠢ ᠯᠢᠮᠹᠠ ᠪᠤᠯᠴᠣᠣ ᠶᠢᠨ ᠲᠦᠷᠭᠡᠨ ᠴᠢᠨᠠᠷ ᠲᠠᠢ ᠢᠳᠡᠭᠡᠮᠦᠷᠳᠦᠬᠦ ᠦᠷᠪᠢᠰᠦᠯ ᠪᠣᠯᠣᠨ ᠬᠠᠮᠠᠷ ᠤᠨ ᠰᠠᠯᠢᠰᠣᠲᠣ ᠪᠦᠷᠬᠦᠪᠴᠢ ᠶᠢᠨ ᠺᠠᠲ᠋ᠠᠷᠲᠤ ᠢᠳᠡᠭᠡᠮᠦᠷᠳᠦᠬᠦ ᠵᠡᠷᠭᠡ ᠶᠢᠨ ᠰᠢᠨᠵᠢ ᠲᠡᠮᠳᠡᠭ ᠢ ᠦᠨᠳᠦᠰᠦᠯᠡᠵᠦ ᠲᠠᠬᠤᠯ ᠤᠨ ᠪᠠᠶᠢᠳᠠᠯ ᠲᠠᠢ ᠶᠡᠷᠦ ᠳᠡᠭᠡᠨ ᠤᠨᠤᠰᠢᠯᠠᠴᠢᠬᠠᠳᠠᠭ ᠶᠣᠮ᠃ ᠴᠢᠬᠤᠯᠠᠲᠠᠢ ᠦᠶ᠎ᠡ ᠳᠤ ᠴᠤᠭᠤᠷᠠᠭᠰᠠᠨ ᠦᠭᠡᠢ ᠪᠤᠭᠯᠠᠭ᠎ᠠ ᠠᠴᠠ ᠢᠳᠡᠭᠡ ᠶᠢ ᠨᠢ ᠠᠪᠴᠤ ᠪᠠᠺᠲ᠋ᠧᠷᠢ ᠶᠢᠨ ᠰᠤᠳᠤᠯᠤᠯ ᠤᠨ ᠪᠠᠶᠢᠴᠠᠭᠠᠯᠲᠠ ᠬᠢᠵᠦ ᠪᠣᠯᠣᠨ᠎ᠠ᠂ ᠬᠡᠯᠬᠢᠶᠡᠯᠡᠨ ᠵᠢᠭᠰᠠᠭᠰᠠᠨ ᠡᠷᠢᠬᠡᠨ ᠪᠠᠺᠲ᠋ᠧᠷᠢ ᠢᠯᠡᠷᠡᠪᠡᠯ ᠡᠴᠦᠰ ᠤᠨ ᠤᠨᠤᠰᠢᠯᠠᠯᠲᠠ ᠬᠢᠵᠦ ᠪᠣᠯᠣᠨ᠎ᠠ᠃     ᠨᠡᠶᠢᠲᠡᠯᠢᠭ ᠪᠣᠰᠣ ᠪᠤᠯᠴᠢᠷᠬᠠᠶᠢᠲᠤ ᠬᠢᠵᠢᠭ᠄ ᠠᠳᠣᠭᠤᠨ ᠰᠦᠷᠦᠭ ᠲᠠᠬᠢ ᠨᠡᠶᠢᠲᠡᠯᠢᠭ ᠪᠤᠯᠴᠢᠷᠬᠠᠶᠢᠲᠤ ᠬᠢᠵᠢᠭ ᠪᠤᠯᠤᠨ ᠲᠠᠬᠤᠯ ᠤᠨ ᠪᠠᠶᠢᠳᠠᠯ ᠢ ᠤᠶᠠᠯᠳᠣᠭᠤᠯᠪᠠᠯ ᠰᠠᠶ᠋ᠢ ᠤᠨᠤᠰᠢᠯᠠᠨ ᠲᠤᠳᠤᠯᠠᠵᠤ ᠴᠢᠳᠠᠨ᠎ᠠ᠃     ᠬᠤᠤᠷᠲᠤ ᠪᠤᠯᠴᠢᠷᠬᠠᠶᠢᠲᠤ ᠬᠢᠵᠢᠭ᠄ ᠪᠤᠭᠯᠠᠭ᠎ᠠ ᠠᠴᠠ ᠰᠢᠯᠵᠢᠭᠰᠡᠨ ᠤᠷᠤᠨ ᠤ ᠠᠳᠠᠯᠢ ᠪᠤᠰᠤ ᠠᠴᠠ ᠪᠣᠯᠵᠣ ᠤᠨᠤᠰᠢᠯᠠᠬᠤ ᠳᠤ ᠵᠠᠷᠢᠮ ᠨᠢ ᠬᠦᠴᠢᠷᠲᠡᠢ᠂ ᠵᠠᠷᠢᠮ ᠨᠢ ᠬᠢᠯᠪᠠᠷ ᠪᠠᠶᠢᠳᠠᠭ ᠶᠣᠮ᠃ ᠬᠡᠷᠪᠡ ᠭᠡᠮᠨᠡᠭᠰᠡᠨ ᠮᠣᠷᠢ ᠪᠤᠯᠴᠢᠷᠬᠠᠶᠢᠲᠤ ᠬᠢᠵᠢᠭ ᠲᠤ ᠨᠡᠷᠪᠡᠭᠳᠡᠵᠦ ᠪᠡᠶ᠎ᠡ ᠶᠢᠨ ᠳᠣᠯᠠᠭᠠᠨ ᠨᠢ ᠬᠡᠪ ᠤᠨ ᠪᠠᠶᠢᠳᠠᠯ ᠳᠠᠭᠠᠨ ᠤᠷᠤᠭᠠᠳ ᠳᠠᠬᠢᠨ ᠳᠡᠭᠡᠭᠰᠢᠯᠡᠨ ᠰᠠᠯᠢᠰᠣᠲᠣ ᠪᠦᠷᠬᠦᠪᠴᠢ ᠨᠢ ᠰᠢᠷᠠᠯᠠᠵᠤ᠂ ᠢᠳᠡᠬᠦ ᠨᠢ ᠪᠠᠭᠠᠳᠠᠨ ᠤᠯᠠᠮ ᠢᠶᠠᠷ ᠡᠴᠡᠵᠦ᠂ ᠴᠠᠭᠠᠨ ᠡᠰ ᠤᠨ ᠶᠡᠷᠦᠩᠬᠡᠢ ᠲᠤᠭ᠎ᠠ ᠪᠣᠯᠣᠨ ᠰᠠᠭᠠᠷᠮᠠᠭ ᠴᠠᠭᠠᠨ ᠡᠰ ᠨᠢ ᠮᠡᠳᠡᠭᠳᠡᠮ᠎ᠡ ᠨᠡᠮᠡᠭᠳᠡᠵᠦ᠂ ᠪᠠᠰᠠ ᠠᠳᠣᠭᠤᠨ ᠤ ᠬᠠᠯᠳᠠᠪᠤᠷᠢᠲᠤ ᠴᠢᠰᠤ ᠪᠠᠭᠠᠳᠠᠯ ᠪᠣᠯᠣᠨ ᠠᠳᠣᠭᠤᠨ ᠤ ᠶᠠᠮ᠎ᠠ ᠡᠪᠡᠳᠴᠢᠨ ᠤ ᠲᠡᠦᠬᠡ ᠦᠭᠡᠢ ᠪᠣᠯ ᠠᠩᠬ᠎ᠠ ᠠᠯᠬᠤᠮ ᠪᠤᠯᠴᠢᠷᠬᠠᠶᠢᠲᠤ ᠬᠢᠵᠢᠭ ᠢᠶᠠᠷ ᠣᠨᠣᠰᠢᠯᠠᠵᠤ ᠪᠤᠯᠤᠨ᠎ᠠ᠃ ᠬᠡᠷᠪᠡ ᠴᠢᠴᠠᠷᠬᠠᠢ ᠶᠢᠨ ᠪᠤᠯᠴᠢᠷᠬᠠᠢ ᠶᠢᠨ ᠪᠤᠭᠯᠠᠭ᠎ᠠ ᠪᠠᠷ ᠰᠡᠵᠢᠭᠯᠡᠪᠡᠯ ᠬᠤᠰᠭᠢᠨᠠᠭ ᠤᠨ ᠪᠠᠶᠢᠴᠠᠭᠠᠯᠲᠠ ᠬᠢᠵᠦ ᠪᠤᠯᠤᠨ᠎ᠠ᠃ ᠦᠬᠦᠭᠰᠡᠨ ᠤ ᠳᠠᠷᠠᠭ᠎ᠠ ᠳᠤᠲᠤᠷ᠎ᠠ ᠡᠷᠬᠡᠲᠡᠨ ᠪᠣᠶᠣ ᠭᠦᠨ ᠬᠡᠰᠡᠭ ᠤᠨ ᠯᠢᠮᠹᠠ ᠪᠣᠯᠴᠤᠤ ᠳᠤ ᠪᠤᠭᠯᠠᠭ᠎ᠠ ᠢᠯᠡᠷᠡᠵᠦ ᠂ ᠪᠠᠺᠲ᠋ᠧᠷᠢ ᠶᠢᠨ ᠪᠠᠶᠢᠴᠠᠭᠠᠯᠲᠠ ᠳᠤ ᠡᠷᠢᠬᠡᠨ ᠪᠠᠺᠲ᠋ᠧᠷᠢ ᠪᠠᠶᠢᠪᠠᠯ ᠪᠠᠰᠠ ᠤᠨᠤᠰᠢᠯᠠᠨ ᠲᠤᠳᠤᠯᠠᠵᠤ ᠪᠣᠯᠣᠨ᠎ᠠ᠃ 
ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠤᠮ