| ᠠᠭᠤᠰᠭᠢ ᠪᠣᠯ ︽ᠬᠥᠮᠦᠨ ᠤ ᠪᠡᠶ᠎ᠡ ᠶᠢᠨ ᠬᠡᠢ ᠶᠢᠨ ᠦᠨᠳᠦᠰᠦ︾ ᠮᠥᠨ᠂ ᠲᠡᠷᠡ ᠨᠢ ᠠᠮᠢᠰᠬᠤᠯ ᠤᠨ ᠬᠡᠢ ᠶᠢ ᠭᠤᠤᠯᠯᠠᠬᠤ ᠪᠠᠷ ᠪᠠᠷᠠᠬᠤ ᠦᠭᠡᠢ ᠪᠦᠬᠦ | ᠪᠡᠶ᠎ᠡ ᠶᠢᠨ ᠬᠡᠢ ᠶᠢ ᠭᠤᠣᠯᠯᠠᠨ᠂ ᠬᠥᠮᠦᠨ ᠤ ᠪᠡᠶ᠎ᠡ ᠶᠢᠨ ᠬᠡᠢ ᠶᠢ ᠡᠭᠦᠰᠭᠡᠬᠦ ᠪᠠ ᠠᠵᠢᠯᠯᠠᠭᠤᠯᠬᠤ ᠲᠠᠢ ᠨᠢᠭᠲᠠ ᠬᠠᠷᠢᠴᠠᠭ᠎ᠠ ᠲᠠᠢ ᠪᠠᠶᠢᠵᠤ᠂ ᠪᠡᠶ᠎ᠡ ᠶᠢᠨ ᠳᠣᠲᠣᠷ᠎ᠠ | ᠭᠠᠳᠠᠨᠠᠬᠢ ᠬᠡᠢ ᠶᠢ ᠴᠡᠪᠡᠷᠯᠡᠬᠦ᠂ ᠪᠤᠬᠢᠷ ᠬᠡᠢ ᠶᠢ ᠰᠣᠯᠢᠯᠴᠠᠵᠤ ᠭᠠᠳᠠᠭᠰᠢᠯᠠᠭᠤᠯᠬᠤ ᠵᠠᠮ ᠪᠠᠶᠢᠵᠤ᠂ ᠭᠤᠣᠯ ᠴᠢᠰᠤᠨ ᠰᠤᠳᠠᠯ ᠳᠤ ᠲᠤᠰᠠᠯᠠᠵᠤ ᠵᠢᠷᠦᠬᠡᠨ ᠤ ᠴᠢᠰᠤ ᠶᠢ | ᠨᠡᠪᠲᠡᠷᠡᠭᠦᠯᠦᠨ ᠴᠢᠰᠤᠨ ᠰᠤᠳᠠᠯ ᠢ ᠨᠡᠪᠲᠡᠷᠡᠭᠦᠯᠳᠡᠭ᠃ | ᠠᠭᠤᠰᠭᠢ ᠪᠠᠨ ᠬᠠᠮᠠᠭᠠᠯᠠᠬᠤ ᠳᠤ ᠲᠤᠤᠷᠠᠬᠢ ᠲᠠᠪᠤᠨ ᠲᠠᠯ᠎ᠠ ᠪᠠᠷ ᠰᠠᠶᠢᠳᠤᠷ ᠠᠩᠬᠠᠷᠬᠤ ᠬᠡᠷᠡᠭᠳᠡᠢ᠄ | ᠬᠠᠮᠠᠷ ᠢᠶᠠᠨ ᠢᠯᠢᠬᠦ᠃ ᠬᠤᠶᠠᠷ ᠭᠠᠷ ᠤᠨ ᠡᠷᠡᠬᠡᠢ ᠬᠤᠷᠤᠭᠤᠨ ᠤ ᠪᠠᠨ ᠠᠷᠤ ᠲᠠᠯ᠎ᠠ ᠶᠢ ᠱᠦᠷᠭᠦᠭᠡᠵᠦ ᠬᠠᠯᠠᠭᠤ ᠣᠷᠭᠢᠭᠰᠠᠨ ᠤ ᠳᠠᠷᠠᠭ᠎ᠠ ᠬᠠᠮᠠᠷ ᠤᠨ ᠬᠢᠷ᠎ᠠ᠂ | ᠬᠠᠮᠠᠷ ᠤᠨ ᠬᠠᠵᠠᠭᠤ ᠶᠢᠨ ᠬᠤᠶᠠᠷ ᠲᠠᠯ᠎ᠠ ᠪᠠᠷ ᠳᠡᠭᠡᠭᠰᠢ ᠳᠣᠷᠣᠭᠰᠢ 30 ᠤᠳᠠᠭ᠎ᠠ ᠢᠯᠢᠵᠦ ᠨᠤᠬᠤᠯᠠᠨ᠎ᠠ᠂ ᠳᠠᠷᠠᠭ᠎ᠠ ᠨᠢ ᠦᠨᠦᠷᠲᠦ ᠪᠡᠯᠴᠢᠷ ᠢ 20 ᠤᠳᠠᠭ᠎ᠠ | ᠢᠯᠢᠨ᠎ᠡ᠃ ᠬᠦᠢᠲᠡᠨ ᠠᠭᠤᠷ ᠠᠮᠢᠰᠬᠤᠯ ᠳᠤ ᠬᠠᠷᠰᠢᠯ ᠲᠠᠢ ᠬᠥᠮᠦᠨ ᠠᠮᠠᠷᠬᠠᠨ ᠬᠠᠮᠠᠷ ᠪᠥᠭᠯᠡᠷᠡᠬᠦ᠂ ᠨᠢᠰᠤ ᠭᠤᠭᠤᠵᠢᠬᠤ ᠢᠯᠡᠷᠡᠯ ᠭᠠᠷᠪᠡᠯ᠂ ᠦᠷᠭᠦᠯᠵᠢ ᠬᠠᠮᠠᠷ ᠤᠨ | ᠬᠡᠰᠡᠭ ᠢᠶᠠᠨ ᠢᠯᠢᠵᠦ ᠨᠤᠬᠤᠯᠠᠬᠤ ᠨᠢ ᠡᠪᠡᠳᠴᠢᠨ ᠤ ᠢᠯᠡᠷᠡᠯ ᠢ ᠨᠠᠮᠳᠠᠭᠠᠳᠠᠭ᠃ | ᠬᠤᠭᠤᠯᠠᠶ ᠪᠠᠨ ᠢᠯᠢᠬᠦ᠃ ᠡᠷᠡᠬᠡᠢ ᠬᠤᠷᠤᠭᠤ ᠪᠠᠨ ᠪᠤᠰᠤᠳ ᠳᠥᠷᠪᠡᠨ ᠬᠤᠷᠤᠭᠤ ᠲᠠᠢ ᠪᠠᠨ ᠰᠠᠯᠭᠠᠵᠤ᠂ ᠬᠤᠭᠤᠯᠠᠢ ᠤᠷᠤᠭᠤ ᠪᠠᠨ ᠬᠠᠨᠳᠤᠭᠤᠯᠤᠨ᠎ᠠ᠃ | ᠰᠠᠭᠤᠬᠤ ᠪᠤᠶᠤ ᠵᠣᠭᠰᠣᠬᠤ ᠳᠠᠭᠠᠨ᠂ ᠲᠣᠯᠣᠭᠠᠢ ᠪᠠᠨ ᠭᠡᠳᠡᠶᠢᠵᠦ᠂ ᠬᠦᠵᠦᠭᠦᠦ ᠪᠠᠨ ᠲᠡᠨᠢᠢᠯᠭᠡᠨ᠂ ᠭᠠᠷ ᠢᠶᠠᠷ ᠢᠶᠠᠨ ᠬᠤᠭᠤᠯᠠᠢ ᠪᠠᠨ ᠲᠠᠭᠠᠭᠤᠯᠤᠨ ᠳᠣᠷᠣᠭᠰᠢ | ᠴᠡᠭᠡᠵᠢᠨ ᠤ ᠬᠡᠰᠡᠭ ᠬᠦᠷᠲᠡᠯ᠎ᠡ ᠬᠤᠶᠠᠷ ᠭᠠᠷ ᠢᠶᠠᠨ 30 ᠤᠳᠠᠭ᠎ᠠ ᠰᠣᠯᠢᠵᠤ ᠢᠯᠢᠪᠡᠯ᠂ ᠨᠢᠭᠡ ᠤᠳᠠᠭ᠎ᠠ ᠬᠢᠭᠰᠡᠨ ᠳᠤ ᠲᠤᠭᠠᠴᠠᠵᠤ᠂ ᠡᠨᠡ ᠮᠡᠳᠦ ᠪᠠᠷ ᠦᠷᠭᠦᠯᠵᠢᠯᠡᠨ | 2 ~ 3 ᠤᠳᠠᠭ᠎ᠠ ᠬᠢᠨ᠎ᠡ᠃ ᠡᠨᠡ ᠠᠷᠭ᠎ᠠ ᠨᠢ ᠵᠠᠯᠭᠢᠬᠤ᠂ ᠬᠠᠨᠢᠶᠠᠳᠤ ᠶᠢ ᠲᠠᠷᠤᠬᠤ᠂ ᠴᠠᠷ ᠢ ᠠᠷᠢᠯᠭᠠᠬᠤ ᠳᠤ ᠲᠤᠰᠠ ᠲᠠᠢ᠃ | ᠠᠮᠢᠰᠬᠤᠯ ᠢᠶᠠᠨ ᠬᠤᠷᠢᠶᠠᠵᠤ ᠭᠠᠷᠭᠠᠬᠤ ᠲᠠᠰᠬᠠᠯ᠃ ᠤᠨᠲᠠᠬᠤ ᠠᠴᠠ ᠪᠠᠨ ᠡᠮᠦᠨ᠎ᠡ ᠪᠤᠶᠤ ᠪᠣᠰᠬᠤ ᠦᠶ᠎ᠡ ᠳᠡᠭᠡᠨ᠂ ᠣᠷᠣ ᠳᠡᠭᠡᠷ᠎ᠡ ᠪᠠᠨ ᠬᠡᠪᠲᠡᠭᠡᠳ | ᠬᠡᠪᠡᠯᠢ ᠪᠠᠷ ᠢᠶᠠᠨ ᠠᠮᠢᠰᠬᠤᠵᠤ᠂ ᠠᠭᠠᠵᠢᠮ ᠢᠶᠠᠷ ᠭᠦᠨ ᠠᠮᠢᠰᠬᠤᠭ᠎ᠠ ᠠᠪᠤᠭᠰᠠᠨ ᠤ ᠳᠠᠷᠠᠭ᠎ᠠ ᠠᠮᠢᠰᠬᠤᠯ ᠢᠶᠠᠨ ᠭᠠᠷᠭᠠᠵᠤ᠂ ᠡᠨᠡ ᠮᠡᠳᠦ ᠪᠠᠷ 30 ᠤᠳᠠᠭ᠎ᠠ ᠬᠢᠨ᠎ᠡ᠃ | ᠨᠢᠷᠤᠭᠤ ᠪᠠᠨ ᠬᠦᠡᠭᠭᠡᠨ ᠰᠢᠭᠠᠬᠤ᠃ ᠲᠥᠪ ᠰᠠᠭᠤᠵᠤ᠂ ᠨᠢᠷᠤᠭᠤ ᠪᠠᠨ ᠲᠡᠨᠢᠢᠯᠭᠡᠨ᠂ ᠬᠤᠶᠠᠷ ᠨᠢᠳᠦ ᠪᠠᠨ ᠠᠨᠢᠵᠤ᠂ ᠬᠤᠶᠠᠷ ᠭᠠᠷ ᠢᠶᠠᠨ ᠵᠠᠩᠬᠢᠳᠤᠭᠠᠳ᠂ | ᠨᠢᠷᠤᠭᠤᠨ ᠤ ᠪᠠᠨ ᠠᠷᠤ ᠪᠠᠷ ᠳᠣᠣᠷ᠎ᠠ ᠠᠴᠠ ᠳᠡᠭᠡᠭᠰᠢ᠂ ᠳᠠᠬᠢᠨ ᠳᠡᠭᠡᠷ᠎ᠡ ᠠᠴᠠ ᠳᠣᠷᠣᠭᠰᠢ ᠬᠦᠡᠭᠭᠡᠨ ᠰᠢᠭᠠᠨ᠎ᠠ᠃ ᠤᠷᠢᠳ ᠢᠶᠠᠷ ᠨᠢᠷᠤᠭᠤᠨ ᠭᠤᠤᠯ ᠳᠠᠭᠠᠨ | ᠰᠢᠭᠠᠵᠤ᠂ ᠲᠠᠷᠠᠭ᠎ᠠ ᠨᠢ ᠵᠡᠭᠦᠨ ᠪᠠᠷᠠᠭᠤᠨ ᠲᠠᠯ᠎ᠠ ᠳᠤᠨᠢ ᠬᠦᠡᠭᠭᠡᠨ ᠰᠢᠭᠠᠨ᠎ᠠ᠂ ᠡᠨᠡ ᠮᠡᠳᠦ ᠪᠠᠷ 3 ~ 4 ᠤᠳᠠᠭ᠎ᠠ ᠬᠢᠨ᠎ᠡ᠃ ᠨᠢᠷᠤᠭᠤ ᠪᠠᠨ ᠰᠢᠭᠠᠬᠤ ᠦᠶᠡᠰ | ᠠᠮᠢᠰᠬᠤᠯ ᠢᠶᠠᠨ ᠲᠦᠷ ᠬᠤᠷᠢᠶᠠᠵᠤ ᠲᠠᠲᠠᠬᠤ ᠶᠢᠨ ᠬᠠᠮᠲᠤ᠂ 5 ~10 ᠤᠳᠠᠭ᠎ᠠ ᠰᠢᠳᠦ ᠪᠠᠨ ᠬᠠᠪᠢᠷᠤᠨ᠂ ᠰᠢᠯᠦᠰᠦ ᠪᠠᠨ ᠵᠠᠯᠭᠢᠬᠤ ᠶᠢ ᠤᠳᠠᠭᠠᠰᠢᠷᠠᠭᠤᠯᠤᠨ᠎ᠠ᠃ | ᠡᠨᠡ ᠬᠦ ᠠᠷᠭ᠎ᠠ ᠨᠢ ᠬᠢᠮᠤᠷᠠᠭ᠎ᠠ ᠶᠢ ᠰᠡᠷᠭᠡᠶᠢᠯᠡᠬᠦ ᠳᠤ ᠠᠰᠢᠭᠲᠠᠢ᠃ | ᠦᠷᠭᠦᠯᠵᠢ ᠢᠨᠢᠶᠡᠬᠦ᠃ ᠢᠨᠢᠶᠡᠬᠦ ᠨᠢ ᠬᠥᠮᠦᠨ ᠤ ᠴᠡᠭᠡᠵᠢ ᠶᠢ ᠲᠡᠨᠢᠢᠯᠭᠡᠨ᠂ ᠴᠡᠭᠡᠵᠢᠨ ᠪᠤᠯᠴᠢᠩ ᠢ ᠰᠤᠨᠢᠶᠠᠯᠭᠠᠵᠤ᠂ ᠠᠭᠤᠰᠭᠢᠨ ᠤ ᠪᠠᠭᠲᠠᠭᠠᠮᠵᠢ ᠶᠢ | ᠨᠡᠮᠡᠭᠳᠡᠭᠦᠯᠳᠡᠭ᠂ ᠢᠨᠢᠶᠡᠬᠦ ᠳᠤᠮᠳᠠ ᠪᠠᠰᠠ ᠦᠯᠦ ᠮᠡᠳᠡᠭ ᠭᠦᠨ ᠠᠮᠢᠰᠬᠤᠵᠤ᠂ ᠠᠮᠢᠰᠬᠤᠯ ᠤᠨ ᠵᠠᠮ ᠢ ᠴᠡᠪᠡᠷᠯᠡᠳᠡᠭ᠃ ᠬᠥᠮᠤᠨ ᠶᠡᠭᠡ ᠢᠨᠢᠶᠡᠬᠦ ᠪᠠᠷ᠂ ᠨᠡᠩ ᠠᠷᠪᠢᠨ | ᠬᠦᠴᠢᠯᠲᠥ᠋ᠷᠥᠭᠴᠢ ᠶᠢ ᠠᠮᠢᠰᠬᠤᠨ ᠣᠷᠣᠭᠤᠯᠵᠤ᠂ ᠪᠤᠬᠢᠷ ᠬᠡᠢ ᠶᠢ ᠠᠮᠢᠰᠬᠤᠨ ᠭᠠᠷᠭᠠᠵᠤ᠂ ᠴᠢᠰᠤᠨ ᠤ ᠡᠷᠭᠢᠯᠲᠡ ᠶᠢ ᠲᠦᠷᠭᠡᠳᠭᠡᠨ᠂ ᠶᠠᠳᠠᠷᠠᠭ᠎ᠠ ᠶᠢ ᠲᠠᠶᠢᠯᠵᠤ᠂ | ᠲᠠᠮᠢᠷ ᠲᠡᠩᠬᠡᠭᠡ ᠶᠢ ᠰᠡᠷᠭᠦᠭᠡᠨ᠎ᠡ᠃ | ᠡᠭᠦᠨ ᠠᠴᠠ ᠭᠠᠳᠠᠨ᠎ᠠ᠂ ᠵᠠᠷᠢᠮ ᠡᠮ ᠲᠠᠩ ᠨᠢ ᠪᠠᠰᠠ ᠬᠦᠮᠦᠨ ᠤ ᠪᠡᠶ᠎ᠡ ᠶᠢᠨ ᠲᠠᠮᠢᠷ ᠢ ᠰᠢᠮᠡᠵᠢᠭᠦᠯᠵᠦ ᠠᠭᠤᠰᠭᠢ ᠶᠢ ᠰᠠᠶᠢᠵᠢᠷᠠᠭᠤᠯᠬᠤ ᠦᠢᠯᠡᠳᠦᠯ ᠲᠠᠢ | ᠪᠠᠶᠢᠳᠠᠭ᠃ ᠵᠢᠱᠢᠶᠡᠯᠡᠪᠡᠯ ᠬᠤᠨᠴᠢᠷ ᠤᠳᠪᠠᠯᠠ ᠴᠡᠴᠡᠭᠲᠦ ᠴᠠᠢ᠄ ᠬᠤᠨᠴᠢᠷ᠂ ᠴᠢᠨ᠋ᠸ᠎ᠠ ᠶᠢᠨ ᠬᠠᠷᠮᠠᠭ ᠲᠤᠰ ᠪᠦᠷᠢ 10 ᠭᠷᠠᠮ ᠬᠢᠵᠤ᠂ 1200 ᠮᠢᠯᠢᠯᠢᠲᠷ ᠤᠰᠤ | ᠨᠡᠮᠡᠵᠦ ᠶᠡᠭᠡ ᠭᠠᠯ ᠢᠶᠠᠷ ᠪᠤᠴᠠᠯᠭᠠᠨ᠂ ᠪᠠᠭ᠎ᠠ ᠭᠠᠯ ᠢᠶᠠᠷ 10 ᠮᠢᠨᠦ᠋ᠲ ᠪᠤᠴᠠᠯᠭᠠᠵᠤ᠂ ᠳᠠᠬᠢᠨ ᠰᠢᠷ᠎ᠠ ᠤᠳᠪᠠᠯᠠ ᠴᠡᠴᠡᠭ 6 ᠶᠢ ᠬᠢᠵᠦ᠂ ᠪᠠᠭ᠎ᠠ ᠭᠠᠯ ᠢᠶᠠᠷ 5 | ᠮᠢᠨᠦ᠋ᠲ ᠪᠤᠴᠠᠯᠭᠠᠨ᠂ ᠵᠣᠬᠢᠬᠤ ᠬᠡᠮᠵᠢᠶᠡᠨ ᠤ ᠮᠥᠰᠥᠨ ᠰᠢᠬᠢᠷ ᠬᠢᠵᠦ᠂ ᠴᠠᠢ ᠪᠣᠯᠭᠠᠨ ᠤᠤᠭᠤᠨ᠎ᠠ︔ ᠲᠦᠭᠦᠬᠡᠶ ᠠᠯᠢᠮ᠎ᠠ ᠲᠠᠢ ᠨᠤᠭᠲᠤᠷᠦ ᠡᠪᠡᠰᠦᠨ ᠤ ᠱᠦᠯᠦ᠄ | ᠰᠢᠨ᠎ᠡ ᠰᠤᠷᠭᠤᠭ ᠠᠯᠢᠮ᠎ᠠ ᠠᠴᠠ ᠨᠢᠭᠡ ᠶᠢ ᠠᠪᠴᠤ᠂ ᠤᠬᠢᠶᠠᠨ ᠴᠡᠪᠡᠷᠯᠡᠵᠦ ᠬᠠᠯᠢᠰᠤ ᠶᠢ ᠨᠢ ᠱᠠᠭᠠᠯᠵᠤ᠂ ᠭᠤᠤᠯ ᠢ ᠨᠢ ᠵᠢᠵᠢᠭᠯᠡᠨ ᠬᠡᠷᠴᠢᠵᠦ᠂ 3 ~ 5 ᠭᠷᠠᠮ | ᠤᠷᠢᠶᠠᠩᠭᠤ ᠨᠤᠭᠳᠤᠷᠤ᠂ ᠵᠦᠷᠵᠢ ᠶᠢᠨ ᠬᠠᠯᠢᠰᠤ ᠶᠢᠨ ᠬᠠᠭᠠᠰ ᠢ ᠨᠢ ᠴᠤᠭ ᠠᠶᠠᠭᠠᠨ ᠳᠤ ᠬᠢᠵᠦ᠂ 300 ᠮᠢᠯᠢᠯᠢᠲᠷ ᠤᠰᠤ ᠬᠢᠵᠦ᠂ ᠬᠠᠭᠠᠰ ᠴᠠᠭ ᠵᠢᠩᠨᠡᠭᠰᠡᠨ ᠤ | ᠲᠠᠷᠠᠭ᠎ᠠ᠂ ᠨᠤᠭᠲᠤᠷᠤ ᠪᠠ ᠵᠦᠷᠵᠢ ᠶᠢᠨ ᠬᠠᠯᠢᠰᠤ ᠶᠢ ᠲᠡᠭᠦᠵᠦ ᠬᠠᠶᠠᠭᠠᠳ᠂ ᠱᠥᠯᠥ ᠶᠢ ᠨᠢ ᠤᠤᠭᠤᠵᠤ ᠠᠯᠢᠮ᠎ᠠ ᠶᠢ ᠨᠢ ᠢᠳᠡᠨ᠎ᠡ᠃ | | |