ᠮᠠᠯ ᠤᠨ ᠬᠢᠵᠢᠭ ᠬᠡᠮ ᠢ ᠰᠡᠷᠬᠡᠶᠢᠯᠡᠬᠦ ᠪᠤᠯ ᠮᠠᠯᠵᠢᠬᠤ ᠦᠢᠯᠡᠳᠪᠦᠷᠢᠯᠡᠯ ᠤᠨ ᠪᠠᠰᠠ ᠨᠢᠭᠡᠨ ᠵᠠᠩᠭᠢᠯᠠᠭ᠎ᠠ ᠪᠣᠯᠣᠨ᠎ᠠ
ᠨᠡᠶᠢᠲᠡᠯᠡᠭᠰᠡᠨ ᠴᠠᠭ᠄
2023/2/14
        ᠮᠠᠯ ᠤᠨ ᠬᠢᠵᠢᠭ ᠬᠡᠮ ᠢ ᠰᠡᠷᠬᠡᠶᠢᠯᠡᠬᠦ ᠪᠤᠯ ᠮᠠᠯᠵᠢᠯ ᠤᠬᠠᠭᠠᠨ ᠤ ᠨᠢᠭᠡ ᠠᠭᠤᠯᠭ᠎ᠠ᠂ ᠮᠠᠯᠵᠢᠬᠤ ᠦᠢᠯᠡᠤᠡᠪᠦᠷᠢᠯᠡᠯ ᠤᠨ ᠨᠢᠭᠡ ᠵᠠᠩᠬᠢᠯᠠᠭ᠎ᠠ᠂ ᠮᠠᠯᠴᠢᠨ ᠬᠦᠮᠦᠨ ᠳᠤ ᠪᠠᠶᠢᠪᠠᠰᠦ ᠵᠤᠬᠢᠬᠤ ᠨᠢᠭᠡ ᠦᠨᠳᠦᠰᠦᠨ ᠮᠡᠳᠡᠯᠭᠡ᠂ ᠮᠠᠯᠴᠢᠨ ᠲᠦᠮᠡᠨ ᠤ ᠦᠨᠳᠦᠰᠦᠨ ᠠᠰᠢᠭ ᠳᠤᠰᠠ ᠳᠤ ᠬᠤᠯᠪᠤᠭᠳᠠᠬᠤ ᠨᠢᠭᠡ ᠶᠡᠭᠡ ᠶᠠᠪᠤᠳᠠᠯ ᠶᠤᠮ᠃ ᠡᠶᠢᠮᠦ ᠠᠴᠠ ᠡᠨᠡ ᠬᠦ ᠠᠵᠢᠯ ᠢ ᠳᠤᠰᠬᠠᠢ ᠮᠡᠷᠭᠡᠵᠢᠯ ᠤᠨ ᠬᠦᠮᠦᠰ ᠴᠢᠬᠤᠯᠠᠴᠢᠯᠠᠬᠤ ᠳᠤ ᠳᠤᠷᠰᠢᠯᠭ᠎ᠠ ᠲᠠᠢ ᠮᠠᠯᠴᠢᠨ ᠴᠦ ᠠᠨᠳᠠᠬᠤ ᠦᠬᠡᠢ ᠮᠡᠳᠡᠨ᠎ᠡ᠂ ᠬᠠᠮᠢᠶ᠎ᠠ ᠪᠦᠬᠦᠢ ᠰᠠᠯᠠᠭ᠎ᠠ ᠮᠥᠴᠢᠷ ᠠᠴᠠ ᠢᠮᠠᠭᠳᠠ ᠱᠠᠭᠠᠷᠳᠠᠬᠤ ᠳᠤ ᠨᠡᠶᠢᠬᠡᠮ ᠨᠡᠶᠢᠳᠡ ᠪᠠᠷ ᠢᠶᠠᠨ ᠴᠦ ᠠᠩᠬᠠᠷᠴᠦ ᠬᠦᠨᠳᠦᠤᠡᠭᠡᠳᠡᠭ ᠶᠤᠮ᠃ ᠤᠴᠢᠷ ᠨᠢ ᠮᠠᠯ ᠤᠨ ᠬᠢᠵᠢᠭ ᠬᠡᠮ ᠢ ᠰᠡᠷᠭᠡᠶᠢᠯᠡᠨ᠂ ᠮᠠᠯ ᠰᠦᠷᠦᠭ ᠬᠡᠮ ᠬᠢᠵᠢᠭ ᠦᠬᠡᠢ ᠪᠠᠶᠢᠪᠠᠯ ᠰᠠᠶ᠋ᠢ ᠲᠠᠷᠭᠤ ᠬᠦᠴᠦ ᠰᠠᠶᠢᠳᠠᠢ᠂ ᠥᠨᠢᠷ ᠦᠰᠦᠯᠳᠡ ᠲᠠᠢ᠂ ᠦᠨᠳᠦᠷ ᠦᠷ᠎ᠡ ᠠᠰᠢᠭ ᠲᠠᠢ ᠪᠠᠶᠢᠬᠤ ᠶᠢ ᠪᠡᠶᠡᠯᠡᠬᠦᠯᠵᠦ ᠴᠢᠳᠠᠬᠤ ᠶᠤᠮ᠃ ᠬᠡᠷᠪᠡ ᠮᠠᠯ ᠰᠦᠷᠦᠭ ᠨᠢ ᠶᠠᠮᠠᠷᠪᠠ ᠨᠢᠬᠡᠨ ᠬᠡᠮ ᠬᠢᠵᠢᠭ ᠲᠠᠢ ᠪᠤᠯᠬᠤ ᠳᠤ ᠬᠦᠷᠪᠡᠯ ᠳᠠᠷᠭᠤ ᠬᠦᠴᠦ ᠨᠢ ᠮᠠᠭᠤᠳᠠᠵᠦ ᠮᠡᠳᠡᠨ᠎ᠡ︔ ᠬᠡᠬᠡᠯ ᠰᠠᠭᠤᠬᠤ ᠨᠣᠷᠮ᠎ᠠ ᠨᠢ ᠪᠠᠭᠤᠷᠠᠵᠦ ᠬᠡᠬᠡᠯ ᠬᠠᠶᠠᠬᠤ ᠨᠢ ᠠᠷᠪᠢᠳᠬᠤ ᠪᠤᠶᠦ ᠨᠢᠯᠬ᠎ᠠ ᠲᠥᠯ ᠤᠨ ᠪᠤᠶᠢᠵᠢᠯᠳᠡ ᠴᠦ ᠨᠥᠯᠦᠬᠡᠯᠡᠭᠳᠡᠵᠦ ᠮᠡᠳᠡᠨ᠎ᠡ︔ ᠡᠪᠦᠯ ᠬᠠᠪᠤᠷ ᠤᠨ ᠭᠠᠮᠰᠢᠭ ᠲᠤ ᠦᠬᠦᠯ ᠬᠤᠬᠢᠷᠠᠯ ᠨᠢ ᠨᠡᠮᠡᠭᠳᠡᠵᠦ ᠮᠡᠳᠡᠨ᠎ᠡ︔ ᠨᠡᠩ ᠴᠦ ᠡᠪᠡᠤᠡᠴᠢᠨ ᠲᠠᠢ ᠮᠠᠯ ᠤᠨ ᠠᠷᠠᠴᠢᠯᠠᠭ᠎ᠠ ᠳᠤᠳᠤᠮᠳᠠᠯᠭ᠎ᠠ ᠶᠢᠨ ᠠᠵᠢᠯ ᠠᠷᠪᠢᠳᠤᠨ᠂ ᠡᠮ ᠡᠮᠨᠡᠯᠭᠡ ᠶᠢᠨ ᠵᠠᠷᠤᠴᠠᠭᠤᠯᠤᠯᠳᠠ ᠶᠡᠭᠡ ᠪᠤᠯᠳᠠᠭ ᠠᠴᠠ ᠮᠠᠯᠵᠢᠬᠤ ᠦᠢᠯᠡᠳᠪᠤᠷᠢᠯᠡᠯ ᠤᠨ ᠦᠪᠡᠷ ᠤᠨ ᠦᠷᠳᠡᠭ ᠨᠡᠮᠡᠭᠳᠡᠨ᠂ ᠣᠷᠣᠯᠭ᠎ᠠ ᠨᠢ ᠵᠠᠷᠤᠯᠭ᠎ᠠ ᠳᠠᠭᠠᠨ ᠬᠦᠷᠬᠦ ᠦᠬᠡᠢ ᠪᠤᠯᠬᠤ ᠳᠤ ᠬᠦᠷᠴᠦ ᠮᠡᠳᠡᠨ᠎ᠡ᠃ ᠨᠡᠩ ᠴᠢᠨᠠᠭᠰᠢᠯᠠᠭᠠᠳ ᠬᠦᠨᠳᠦ ᠬᠡᠴᠡᠬᠦᠦ ᠬᠠᠯᠳᠠᠪᠦᠷᠢᠳᠦ ᠡᠪᠡᠤᠡᠴᠢᠨ ᠳᠡᠯᠭᠡᠷᠡᠬᠦ ᠳᠤ ᠬᠦᠷᠪᠡᠯ ᠦᠢᠯᠡ ᠪᠠᠨ ᠪᠠᠷᠠᠵᠦ ᠂ ᠡᠳ᠋ ᠮᠥᠩᠬᠦ ᠪᠠᠨ ᠦᠷᠡᠵᠦ᠂ ᠮᠠᠯ ᠤᠨᠤᠭ᠎ᠠ ᠪᠠᠨ ᠬᠤᠬᠢᠷᠠᠭᠤᠯᠬᠤ ᠮᠥᠷᠳᠡᠬᠡᠨ ᠬᠢᠵᠢᠭᠳᠦ ᠣᠷᠣᠨ ᠤ ᠮᠠᠯ ᠤᠨ ᠭᠠᠷᠤᠯᠳᠠ ᠶᠢᠨ ᠭᠠᠳᠠᠭᠰᠢ ᠪᠤᠷᠤᠯᠠᠭᠤᠯᠤᠯᠳᠠ ᠶᠢᠨ ᠵᠠᠮ ᠬᠠᠰᠢᠭᠳᠠᠨ ᠮᠠᠯ ᠪᠤᠯᠤᠨ ᠮᠠᠯ ᠤᠨ ᠭᠠᠷᠤᠯᠳᠠ ᠶᠢᠨ ᠦᠨ᠎ᠡ ᠥᠷᠳᠡᠭ ᠨᠢ ᠪᠠᠭᠤᠷᠠᠬᠤ ᠪᠤᠶᠦ ᠨᠡᠩ ᠴᠢᠨᠠᠭᠰᠢᠯᠠᠪᠠᠯ ᠪᠦᠷ ᠬᠤᠳᠠᠯᠳᠣᠵᠦ ᠭᠠᠷᠬᠤ ᠦᠬᠡᠢ ᠪᠤᠯᠬᠤ ᠠᠶᠤᠯᠳᠠᠢ ᠶᠤᠮ᠃ ᠰᠢᠯᠢ ᠨᠤᠲᠤᠭ ᠤᠨ ᠮᠠᠨᠢ ᠪᠠᠶᠢᠭᠠᠯᠢᠯᠢᠭ ᠪᠡᠯᠴᠢᠭᠡᠷ ᠲᠤ ᠮᠠᠯᠵᠢᠭᠰᠠᠨ ᠮᠠᠯ ᠤᠨ ᠮᠢᠬ᠎ᠠ ᠰᠦ ᠪᠤᠯᠤᠨ ᠠᠷᠠᠰᠦ ᠨᠤᠤᠰᠦ ᠵᠡᠷᠬᠡ ᠨᠢ ᠵᠠᠬ᠎ᠠ ᠳᠡᠯᠬᠡᠬᠦᠷ ᠲᠤ ᠦᠨᠳᠦᠷ ᠦᠨᠡᠯᠡᠯᠳᠡ ᠲᠠᠢ ᠪᠠᠶᠢᠳᠠᠭ ᠨᠢ ᠭᠤᠤᠯ ᠨᠢ ᠲᠡᠬᠦᠨ ᠤ ᠪᠠᠶᠢᠭᠠᠯᠢᠯᠢᠭ ᠴᠡᠪᠡᠷ ᠴᠢᠨᠠᠷ ᠲᠠᠢ ᠪᠠᠶᠢᠳᠠᠭ ᠲᠤ ᠶᠤᠮ᠃ ᠬᠡᠷᠪᠡ ᠡᠪᠡᠤᠡᠴᠢᠨ ᠬᠢᠵᠢᠭ ᠤᠨ ᠣᠷᠰᠢᠭ ᠢᠶᠠᠷ ᠡᠨᠡ ᠬᠦ ᠴᠡᠪᠡᠷ ᠠᠷᠢᠭᠤᠨ ᠴᠢᠨᠠᠷ ᠨᠢ ᠪᠤᠬᠢᠷᠳᠤᠬᠤ ᠲᠡᠷᠡᠴᠢᠯᠡᠨ ᠬᠤᠤᠷᠳᠠᠭᠳᠠᠬᠤ ᠳᠤ ᠬᠦᠷᠪᠡᠯ ᠲᠡᠬᠦᠨ ᠠᠴᠠ ᠪᠤᠯᠬᠤ ᠬᠤᠬᠢᠷᠠᠯ ᠰᠦᠢᠳᠣᠯ ᠢ ᠶᠣᠰᠣᠳᠠᠢ ᠬᠡᠯᠡᠬᠦ ᠶᠢᠨ ᠠᠷᠭ᠎ᠠ ᠦᠬᠡᠢ ᠪᠤᠯᠤᠨ᠎ᠠ᠃ ᠡᠶᠢᠮᠦ ᠠᠴᠠ ᠮᠠᠨ ᠤ ᠮᠠᠯᠴᠢᠨ ᠬᠦᠮᠦᠰ ᠮᠠᠯ ᠤᠨ ᠬᠢᠵᠢᠭ ᠡᠪᠡᠤᠡᠴᠢᠨ ᠢ ᠰᠡᠷᠬᠡᠶᠢᠯᠡᠬᠦ ᠶᠠᠪᠤᠳᠠᠯ ᠢ ᠬᠦᠨᠳᠦᠤᠡᠬᠡᠨ ᠦᠵᠡᠵᠦ᠂ ᠴᠠᠭ ᠤᠨ ᠠᠵᠢᠯ ᠢᠶᠠᠨ ᠴᠠᠭ ᠲᠤᠨᠢ ᠠᠮᠵᠢᠭᠤᠯᠵᠦ᠂ ᠮᠠᠯ ᠰᠦᠷᠦᠭ ᠤᠨ ᠢᠶᠠᠨ ᠬᠢᠵᠢᠭ ᠢ ᠰᠡᠷᠬᠡᠶᠢᠯᠡᠵᠦ ᠡᠯ᠎ᠡ ᠵᠦᠢᠯ ᠤᠨ ᠤᠬᠢᠶᠠᠯᠳᠠ ᠴᠢᠤᠡᠬᠤᠯᠳᠠ ᠪᠤᠯᠤᠨ ᠵᠡᠬᠦᠦ ᠲᠠᠷᠢᠯᠭ᠎ᠠ ᠵᠡᠷᠭᠡ ᠶᠢ ᠪᠦᠷᠢᠨ ᠬᠦᠢᠴᠡᠳ ᠰᠠᠶᠢᠳᠤᠷ ᠬᠢᠬᠦ ᠶᠢ ᠶᠠᠭᠠᠬᠢᠭᠰᠠᠨ ᠴᠦ ᠣᠮᠳᠤᠭᠠᠶᠢᠯᠠᠵᠦ ᠪᠤᠯᠬᠤ ᠦᠬᠡᠢ ᠶᠤᠮ᠃ ᠬᠠᠷᠢᠨ ᠠᠵᠢᠯ ᠨᠢ ᠬᠦᠨᠳᠦ ᠶᠠᠷᠰᠢᠭ ᠨᠢ ᠶᠡᠭᠡ ᠬᠡᠳ ᠠᠯᠵᠠᠭᠤᠷᠠᠵᠦ ᠪᠤᠤ ᠬᠤᠶᠢᠰᠢᠯᠠᠭᠤᠯ᠂ ᠵᠠᠷᠤᠳᠠᠯ ᠮᠥᠩᠬᠦ ᠢᠯᠡᠬᠦᠦ ᠣᠷᠣᠨ᠎ᠠ ᠬᠡᠳ ᠪᠤᠦ ᠠᠷᠪᠢᠯᠠ᠃ ᠡᠨᠡ ᠡᠳᠦᠷ ᠤᠨ ᠵᠦᠳᠡᠷᠡᠯ ᠤᠨ ᠬᠠᠷᠢᠭᠤ ᠪᠠᠨ ᠢᠷᠡᠬᠦ ᠮᠠᠷᠭᠠᠰᠢ ᠳᠠᠭᠠᠨ ᠣᠯᠣᠨ᠎ᠠ᠂ ᠡᠳᠦᠭᠡ ᠵᠠᠷᠤᠭᠰᠠᠨ ᠵᠠᠷᠤᠳᠠᠯ ᠤᠨ ᠠᠴᠢ ᠳᠣᠰᠠ ᠶᠢ ᠬᠤᠵᠢᠮ ᠬᠦᠷᠳᠡᠨ᠎ᠡ ᠬᠡᠳᠡᠭ ᠢ ᠳᠠᠨᠢᠵᠦ᠂ ᠠᠵᠢᠯ ᠢᠶᠠᠨ ᠰᠢᠮᠳᠠᠨ ᠬᠢᠵᠦ ᠨᠠᠷᠢᠨ ᠨᠢᠮᠪᠠᠢ ᠨᠠᠶᠢᠳᠠᠪᠤᠷᠢᠵᠢᠭᠤᠯᠬᠤ ᠬᠡᠷᠡᠭᠳᠡᠢ᠃ ᠡᠬᠦᠨ ᠤ ᠬᠠᠮᠳᠦ ᠬᠢᠵᠢᠭ ᠡᠪᠡᠤᠡᠴᠢᠨ ᠤ ᠢᠯᠡᠷᠡᠯ ᠭᠠᠷᠪᠠᠯ ᠳᠡᠷᠦ᠋ᠢᠬᠠᠨ ᠬᠠᠮᠢᠶ᠎ᠡ ᠪᠦᠬᠦᠢ ᠳᠤᠭᠳᠠᠭᠠᠯ ᠶᠣᠰᠣᠭᠠᠷ ᠳᠡᠭᠡᠭᠰᠢ ᠮᠡᠳᠡᠬᠦᠯᠦᠨ ᠡᠮᠴᠢᠯᠡᠨ ᠵᠠᠰᠠᠬᠤ ᠪᠠ ᠬᠠᠯᠳᠠᠪᠤᠷᠢᠯᠡᠨ ᠳᠡᠯᠭᠡᠷᠡᠬᠦ ᠶᠢ ᠬᠤᠷᠢᠭᠯᠠᠬᠤ ᠡᠯ᠎ᠡ ᠵᠦᠢᠯ ᠤᠨ ᠠᠷᠭ᠎ᠠ ᠬᠡᠮᠵᠢᠶ᠎ᠡ ᠶᠢ ᠠᠪᠴᠦ ᠬᠢᠵᠢᠭ ᠡᠪᠡᠤᠡᠴᠢᠨ ᠢ ᠪᠠᠭ᠎ᠠ ᠳᠡᠭᠡᠷ᠎ᠡ ᠨᠢ ᠳᠠᠷᠤᠵᠦ ᠬᠤᠬᠢᠷᠠᠯ ᠰᠦᠢᠳᠦᠯ ᠢ ᠠᠯᠢ ᠴᠢᠳᠠᠬᠤ ᠪᠠᠷ ᠪᠠᠭᠠᠰᠬᠠᠬᠤ ᠪᠠᠷ ᠴᠢᠷᠮᠠᠶᠢᠬᠤ ᠬᠡᠷᠡᠭᠳᠡᠢ ᠶᠤᠮ᠃      ᠬᠡᠯᠡᠯᠬᠡᠨ ᠦᠬᠡᠢ ᠦᠨᠳᠦᠰᠦᠨ ᠱᠠᠳᠣᠨ ᠤ ᠣᠳᠤᠷᠢᠳᠣᠯᠭ᠎ᠠ ᠪᠤᠯᠤᠨ ᠮᠠᠯ ᠡᠮᠨᠡᠯᠬᠡ ᠶᠢᠨ ᠰᠠᠯᠠᠭ᠎ᠠ ᠮᠥᠴᠢᠷ ᠤᠨ ᠬᠢᠨ ᠮᠠᠯᠵᠢᠬᠤ ᠣᠷᠣᠨ ᠤ ᠮᠠᠯ ᠤᠨ ᠬᠢᠵᠢᠭ ᠡᠪᠡᠤᠡᠴᠢᠨ ᠢ ᠰᠡᠷᠬᠡᠶᠢᠯᠡᠨ ᠵᠠᠰᠠᠬᠤ ᠠᠵᠢᠯ ᠳᠤ ᠴᠢᠬᠤᠯᠠ ᠪᠦᠬᠦᠢ ᠵᠢᠯᠤᠭᠤᠳᠤᠯᠭ᠎ᠠ ᠪᠤᠯᠤᠨ ᠮᠡᠷᠭᠡᠵᠢᠯ ᠤᠨ ᠦᠢᠯᠡᠴᠢᠯᠡᠭᠡ ᠬᠠᠨᠭ᠍ᠭᠠᠵᠦ᠂ ᠡᠨᠡ ᠬᠦ ᠠᠵᠢᠯ ᠢ ᠰᠠᠶᠢᠳᠤᠷ ᠬᠢᠬᠦ ᠳᠤ ᠬᠠᠷᠢᠭᠤᠴᠠᠯᠭ᠎ᠠ ᠡᠭᠦᠷᠭᠡᠯᠡᠬᠦ ᠤᠴᠢᠷᠳᠠᠢ᠃   
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ