ᠪᠡᠯᠴᠢᠭᠡᠷ ᠤᠨ ᠲᠦᠢᠮᠡᠷ ᠢ ᠰᠡᠷᠬᠡᠶᠢᠯᠡᠬᠦ ᠶᠢᠨ ᠴᠢᠬᠤᠯᠠ ᠴᠢᠨᠠᠷ
ᠨᠡᠶᠢᠲᠡᠯᠡᠭᠰᠡᠨ ᠴᠠᠭ᠄
2023/2/14
                          ᠬᠠᠪᠤᠷ ᠨᠠᠮᠣᠷ ᠤᠨ ᠤᠯᠠᠷᠢᠯ ᠤᠨ ᠭᠠᠯ ᠰᠡᠷᠬᠡᠶᠢᠯᠡᠬᠦ ᠠᠵᠢᠯ ᠢ ᠰᠠᠶᠢᠲᠤᠷ ᠬᠢᠬᠦ ᠨᠢ ᠬᠦᠮᠤᠨ ᠪᠦᠬᠦᠨ ᠤ ᠬᠠᠷᠢᠭᠤᠴᠠᠯᠭ᠎ᠠ ᠮᠦᠨ᠃      ᠲᠡᠷᠡ ᠡᠳᠦᠷ ᠪᠢ ᠬᠠᠭᠤᠴᠢᠨ ᠪᠢᠴᠢᠭ ᠰᠣᠳᠣᠷ ᠢᠶᠠᠨ ᠤᠷᠪᠡᠭᠤᠯᠵᠤ ᠪᠠᠶᠢᠭᠠᠳ ᠨᠤᠮ ᠤᠨ ᠵᠠᠪᠰᠠᠷ ᠲᠤ ᠪᠠᠶᠢᠭᠰᠠᠨ ︽ᠭᠠᠯ ᠤᠨ ᠠᠶᠤᠯ ᠢ ᠰᠡᠷᠬᠡᠶᠢᠯᠡᠬᠦ ᠳᠡᠮᠳᠡᠭ︾ ᠢ ᠬᠠᠷᠠᠭᠠᠳ ᠣᠯᠠᠨ ᠶᠠᠭᠤᠮ᠎ᠠ ᠪᠤᠳᠤᠯ᠎ᠠ᠃ ᠡᠨᠡ ᠪᠤᠯ ᠮᠢᠨᠦ ᠭᠤᠴᠢᠭᠠᠳ ᠵᠢᠯ ᠤᠨ ᠡᠮᠦᠨ᠎ᠡ ᠬᠤᠰᠢᠭᠤ ᠱᠠᠳᠤᠨ ᠳᠤ ᠠᠵᠢᠯᠯᠠᠵᠦ ᠪᠠᠶᠢᠬᠤ ᠳᠠᠭᠠᠨ ᠬᠡᠷᠡᠭᠯᠡᠵᠦ ᠥᠩᠭᠡᠷᠡᠭᠰᠡᠨ ︽ᠭᠠᠯ ᠤᠨ ᠠᠶᠤᠯ ᠢ ᠰᠡᠷᠬᠡᠶᠢᠯᠡᠬᠦ ᠳᠡᠮᠳᠡᠭ︾ ᠶᠤᠮ᠃ ᠲᠡᠷᠡ ᠦᠶᠡᠰ ᠬᠠᠪᠤᠷ ᠨᠠᠮᠣᠷ ᠤᠨ ᠤᠯᠠᠷᠢᠯ ᠤᠨ ᠭᠠᠯ ᠤᠨ ᠠᠶᠤᠯ ᠢ ᠰᠡᠷᠬᠡᠶᠢᠯᠡᠬᠦ ᠬᠤᠭᠤᠴᠠᠭ᠎ᠠ ᠪᠤᠯᠪᠠᠯ ᠭᠠᠳᠠᠭᠰᠢ ᠭᠠᠷᠬᠤ ᠬᠦᠮᠦᠰ ᠢᠯᠠᠩᠭᠤᠶ᠎ᠠ ᠮᠠᠯᠵᠢᠬᠤ ᠣᠷᠣᠨ ᠳᠤ ᠤᠴᠢᠬᠤ ᠬᠦᠮᠦᠰ ᠡᠷᠬᠡᠪᠰᠢ ︽ᠭᠠᠯ ᠤᠨ ᠠᠶᠤᠯ ᠢ ᠰᠡᠷᠬᠡᠶᠢᠯᠡᠬᠦ ᠳᠡᠮᠳᠡᠭ︾ ᠲᠠᠢ ᠪᠠᠶᠢᠵᠦ᠂ ᠤᠴᠢᠭᠰᠠᠨ ᠭᠠᠵᠠᠷ ᠤᠨ ᠣᠯᠠᠨ ᠲᠦᠮᠡᠨ ᠤ ᠪᠠᠶᠢᠴᠠᠭᠠᠯᠳᠠ ᠶᠢ ᠬᠦᠯᠢᠶᠡᠳᠡᠭ ᠴᠢᠩᠭ᠎ᠠ ᠶᠣᠰᠣᠳᠠᠢ ᠪᠠᠶᠢᠭᠰᠠᠨ ᠶᠤᠮ᠃ ᠵᠠᠮ ᠶᠠᠪᠤᠭ᠎ᠠ ᠪᠤᠶᠦ ᠭᠠᠳᠠᠨ᠎ᠠ ᠶᠢᠨ ᠬᠦᠮᠦᠨ ᠤᠴᠢᠪᠠᠯ ᠠᠮᠤᠷ ᠮᠡᠨᠳᠦ ᠪᠠᠨ ᠮᠡᠳᠡᠯᠴᠡᠭᠰᠡᠨ ᠤ ᠳᠠᠷᠠᠭ᠎ᠠ ᠠᠶᠢᠯ ᠤᠨ ᠬᠦᠮᠦᠨ ᠤ ᠠᠰᠠᠭᠤᠬᠤ ᠨᠢ ᠳᠠᠷᠤᠢ ︽ᠲᠠ ᠭᠠᠯ ᠤᠨ ᠲᠡᠮᠳᠡᠭ ᠲᠠᠢ ᠦᠦ︖︾ ᠬᠡᠬᠦ ᠪᠤᠶᠦ ᠠᠶᠢᠯ ᠤᠨ ᠪᠦᠰᠡᠬᠦᠢ ᠠᠶᠠᠭ᠎ᠠ ᠴᠠᠢ ᠪᠠᠨ ᠪᠠᠷᠢᠬᠤ ᠶᠢᠨ ᠵᠡᠷᠭᠡᠴᠡᠭᠡ ᠪᠠᠷ ᠠᠰᠠᠭᠤᠳᠠᠭ ᠨᠢ ᠮᠦᠨ ᠴᠦ ︽ᠲᠠ ᠭᠠᠯ ᠠᠪᠴᠦ ᠶᠠᠪᠤᠭ᠎ᠠ ᠦᠦ︖︾ ᠭᠡᠳᠡᠭ ᠪᠠᠶᠢᠭᠰᠠᠨ᠃ ᠳᠡᠭᠡᠵᠦ ᠠᠰᠠᠭᠤᠲᠠᠭ ᠨᠢ ᠨᠢᠭᠡ ᠳᠦᠷᠢᠮ ᠮᠥᠷᠳᠡᠬᠡᠨ ᠮᠠᠯᠴᠢᠨ ᠠᠷᠠᠳ ᠤᠨ ᠦᠵᠡᠯ ᠤᠬᠠᠮᠰᠠᠷ᠂ ᠦᠨᠡᠨ ᠪᠤᠳᠠᠳᠠᠢ ᠬᠠᠷᠢᠭᠤᠴᠠᠯᠭ᠎ᠠ ᠪᠠᠶᠢᠭ᠎ᠠ ᠶᠤᠮ᠃ ᠭᠠᠯ ᠤᠰᠤᠨ ᠤ ᠠᠶᠤᠯ ᠬᠠᠶᠢᠷ᠎ᠠ ᠨᠠᠶᠢᠷ ᠦᠬᠡᠢ ᠭᠡᠳᠡᠭ ᠢᠶᠠᠷ ᠳᠠᠯ᠎ᠠ ᠨᠤᠳᠤᠭ ᠤᠨ ᠲᠦᠢᠮᠡᠷ ᠪᠤᠯ ᠮᠦᠨ ᠴᠦ ᠳᠠᠭᠠᠷᠢᠭᠰᠠᠨ ᠪᠦᠬᠦᠨ ᠢ ᠭᠠᠮᠰᠢᠭᠳᠠᠭᠤᠯᠳᠠᠭ ᠬᠦᠨᠳᠦ ᠠᠶᠤᠯ ᠶᠤᠮ᠃ ᠨᠢᠬᠡᠨ ᠴᠠᠭ ᠤᠨ ᠠᠯᠮᠠᠶᠢᠷᠠᠯ ᠠᠴᠠ ᠪᠤᠯᠵᠦ ᠭᠠᠯ ᠠᠯᠲᠠᠪᠠᠯ ᠨᠡᠶᠢᠳᠡ ᠣᠯᠠᠨ ᠢ ᠭᠠᠮᠰᠢᠭᠳᠠᠭᠤᠯᠵᠦ᠂ ᠪᠡᠯᠴᠢᠭᠡᠷ ᠡᠪᠡᠰᠦ ᠰᠢᠳᠠᠭᠳᠠᠨ ᠮᠠᠯ ᠰᠦᠷᠦᠭ ᠤᠨ ᠣᠨᠳᠣᠷᠣᠯᠳᠠ ᠳᠤ ᠬᠦᠴᠢᠷ ᠳᠤᠯᠭᠠᠷᠠᠬᠤ ᠪᠠᠷ ᠪᠠᠷᠠᠬᠤ ᠦᠬᠡᠢ ᠵᠠᠷᠢᠮ ᠶᠡᠭᠡ ᠲᠦᠢᠮᠡᠷ ᠲᠤ ᠮᠠᠯ ᠤᠨᠤᠭ᠎ᠠ ᠰᠢᠳᠠᠵᠦ ᠬᠤᠬᠢᠷᠠᠬᠤ ᠪᠤᠶᠦ ᠫᠧᠩ ᠬᠤᠷᠢᠶ᠎ᠠ ᠭᠡᠷ ᠪᠠᠶᠢᠰᠢᠩ ᠳᠠᠭᠠᠷᠢᠭᠳᠠᠬᠤ ᠲᠡᠷᠡᠴᠢᠯᠡᠨ ᠬᠦᠮᠦᠨ ᠤ ᠠᠮᠢ ᠨᠠᠰᠦ ᠶᠢ ᠴᠦ ᠬᠤᠬᠢᠷᠠᠭᠤᠯᠤᠭᠰᠠᠨ ᠬᠦᠨᠳᠦ ᠠᠶᠤᠯ ᠭᠠᠷᠳᠠᠭ ᠪᠠᠶᠢᠨ᠎ᠠ᠃ ᠡᠶᠢᠮᠦᠷᠬᠦᠤ ᠬᠦᠨᠳᠦ ᠬᠡᠴᠡᠬᠦᠦ ᠰᠣᠷᠭᠠᠮᠵᠢ ᠶᠢᠨ ᠡᠮᠦᠨ᠎ᠡ ᠭᠠᠯ ᠲᠦᠢᠮᠡᠷ ᠢ ᠵᠠᠪᠠᠯ ᠰᠠᠶᠢᠨ ᠰᠡᠷᠬᠡᠶᠢᠯᠡᠬᠦ ᠬᠡᠷᠡᠭᠳᠡᠢ ᠭᠡᠳᠡᠭ ᠢ ᠮᠠᠯᠵᠢᠬᠤ ᠣᠷᠣᠨ ᠳᠤ ᠠᠵᠢᠯᠯᠠᠵᠦ ᠠᠮᠢᠳᠤᠷᠠᠵᠦ ᠪᠠᠶᠢᠭ᠎ᠠ ᠬᠦᠮᠦᠰ ᠰᠠᠶᠢᠨ ᠮᠡᠳᠡᠨ᠎ᠡ᠃ ᠮᠥᠨ ᠴᠦ ᠡᠬᠦᠨ ᠳᠡᠭᠡᠨ ᠳᠤᠬᠢᠷᠠᠭᠰᠠᠨ ᠦᠵᠡᠯᠲᠡ ᠲᠠᠨᠢᠯᠳᠠ᠂ ᠦᠨᠳᠦᠰᠣᠨ ᠮᠡᠳᠡᠯᠬᠡ᠂ ᠬᠠᠳᠠᠭᠤ ᠰᠠᠬᠢᠯᠭ᠎ᠠ᠂ ᠬᠠᠮᠢᠶᠠᠷᠤᠯᠳᠡ ᠶᠢᠨ ᠠᠷᠭ᠎ᠠ ᠪᠠᠷᠢᠯ ᠪᠠᠶᠢᠳᠠᠭ ᠶᠤᠮ᠃ ︽ᠭᠠᠯ ᠤᠨ ᠠᠶᠤᠯ ᠢ ᠰᠡᠷᠬᠡᠶᠢᠯᠡᠬᠦ ᠳᠡᠮᠳᠡᠭ︾ ᠪᠤᠯ ᠶᠠᠭ ᠡᠶᠢᠮᠦ ᠣᠨᠴᠠᠭᠠᠢ ᠪᠠᠶᠢᠳᠠᠯ ᠳᠤᠤᠷ᠎ᠡ ᠪᠤᠢ ᠪᠤᠯᠤᠭᠰᠠᠨ ᠨᠢᠭᠡ ᠵᠦᠢᠯ ᠤᠨ ᠬᠠᠮᠢᠶᠠᠷᠤᠯᠳᠡ ᠶᠢᠨ ᠠᠷᠭ᠎ᠠ ᠶᠤᠮ᠃ ︽ᠭᠠᠯ ᠤᠨ ᠠᠶᠤᠯ ᠢ ᠰᠡᠷᠬᠡᠶᠢᠯᠡᠬᠦ ᠲᠡᠮᠳᠡᠭ︾  ᠨᠢ ᠬᠡᠳᠦ᠋ᠢᠪᠡᠷ ᠨᠢᠮᠬᠡᠨ ᠨᠢᠬᠡ ᠬᠠᠭᠤᠳᠠᠰᠦ ᠴᠠᠭᠠᠰᠦ ᠪᠤᠯᠪᠠᠴᠦ᠂ ᠲᠡᠷᠡ ᠪᠤᠯ ᠭᠠᠯ ᠤᠨ ᠠᠶᠤᠯ ᠢ ᠰᠡᠷᠬᠡᠶᠢᠯᠡᠬᠦ ᠳᠤᠬᠠᠢ ᠬᠦᠮᠦᠰ ᠲᠤ ᠳᠤᠰᠢᠶᠠᠭᠰᠠᠨ ᠡᠬᠦᠷᠭᠡ ᠬᠠᠷᠢᠭᠤᠴᠠᠯᠭ᠎ᠠ᠂ ᠤᠯᠠᠮᠵᠢᠯᠠᠨ ᠰᠤᠷᠳᠠᠯᠴᠢᠯᠠᠳᠠᠭ ᠤᠬᠠᠭᠤᠯᠭ᠎ᠠ ᠶᠢᠨ ᠬᠠᠭᠤᠳᠠᠰᠦ᠂ ᠬᠢᠨᠠᠯᠳᠠ ᠲᠠᠯᠪᠢᠬᠤ ᠬᠡᠷᠡᠴᠢ ᠳᠡᠮᠳᠡᠭ᠂ ᠬᠠᠷᠢᠯᠴᠠᠨ ᠰᠠᠬᠢᠳᠠᠭ ᠨᠡᠶᠢᠳᠡ ᠶᠢᠨ ᠬᠡᠷ᠎ᠡ᠂ ᠬᠠᠮᠳᠤᠷᠠᠨ ᠰᠡᠷᠬᠡᠶᠢᠯᠡᠬᠦ‍ ᠨᠢᠭᠡ ᠬᠤᠯᠪᠤᠭᠠᠰᠦ ᠪᠠᠶᠢᠵᠦ ᠳᠠᠭᠠᠷᠠᠨ᠎ᠠ᠃      ᠡᠨᠡ ᠬᠦ ᠠᠭᠤᠯᠭ᠎ᠠ ᠠᠴᠠ ᠨᠢ ᠠᠪᠴᠦ ᠬᠡᠯᠡᠪᠡᠯ ᠭᠠᠯ ᠢ ᠰᠡᠷᠬᠡᠶᠢᠯᠡᠬᠦ ᠳᠤ ᠬᠦᠮᠦᠨ ᠪᠦᠬᠦᠨ ᠬᠠᠷᠢᠭᠤᠴᠠᠯᠭ᠎ᠠ ᠲᠠᠢ᠂ ᠭᠠᠯ ᠭᠠᠷᠬᠤ ᠶᠢ ᠦᠨᠳᠦᠰᠦᠨ ᠠᠴᠠ ᠨᠢ ᠬᠤᠷᠢᠭᠯᠠᠬᠤ ᠳᠤ ᠬᠠᠰᠢᠯᠠ ᠣᠯᠠᠨ ᠲᠦᠮᠡᠨ ᠤ ᠤᠬᠠᠮᠰᠠᠷᠳᠦ ᠠᠵᠢᠯᠯᠠᠭ᠎ᠠ ᠪᠤᠯᠤᠨ ᠴᠠᠭ ᠢᠮᠠᠭᠳᠠ ᠶᠢᠨ ᠴᠢᠩᠭ᠎ᠠ ᠬᠠᠮᠢᠶᠠᠷᠤᠯᠳᠡ ᠳᠤ ᠳᠦᠰᠢᠭᠯᠡᠨ᠎ᠡ᠃ ᠤᠴᠢᠷ ᠨᠢ ᠪᠡᠯᠴᠢᠭᠡᠷ ᠤᠨ ᠲᠦᠢᠮᠡᠷ ᠤᠨ ᠡᠬᠦᠰᠦᠭᠰᠡᠨ ᠰᠢᠯᠳᠠᠭᠠᠨ ᠠᠴᠠ ᠦᠵᠡᠪᠡᠯ ᠣᠯᠠᠩᠬᠢ ᠨᠢ ᠪᠦᠷ ᠯᠡ ᠠᠯᠢ ᠨᠢᠬᠡ ᠬᠦᠮᠦᠨ ᠤ ᠨᠢᠬᠡᠨ ᠴᠠᠭ ᠤᠨ ᠬᠢᠴᠢᠶᠡᠮᠵᠢ ᠦᠬᠡᠢ ᠠᠴᠠ ᠪᠤᠯᠤᠭᠰᠠᠨ ᠠᠯᠮᠠᠶᠢᠷᠠᠯ ᠪᠠᠶᠢᠳᠠᠭ᠃ ᠳᠡᠭᠡᠪᠡᠯ ᠡᠶᠢᠮᠦᠷᠬᠦᠤ ᠠᠶᠤᠯ ᠢ ᠲᠥᠭᠵᠢᠬᠦ ᠶᠢᠨ ᠲᠥᠯᠦᠬᠡ ᠵᠠᠪᠠᠯ ᠥᠷᠬᠡᠨ ᠬᠡᠪᠴᠢᠶᠡᠨ ᠤ ᠰᠤᠷᠳᠠᠯ ᠤᠬᠠᠭᠤᠯᠭ᠎ᠠ᠂ ᠠᠶᠢᠯ ᠡᠷᠦᠬᠡ ᠬᠦᠮᠦᠨ ᠪᠦᠷᠢ ᠳᠤ ᠨᠠᠶᠢᠳᠠᠪᠤᠷᠢᠵᠢᠭᠰᠠᠨ ᠠᠷᠭ᠎ᠠ ᠬᠡᠮᠵᠢᠶ᠎ᠡ᠂ ᠡᠯ᠎ᠡ ᠱᠠᠳᠣᠨ ᠳᠤ ᠪᠤᠳᠠᠳᠠᠢ ᠬᠡᠷᠡᠭᠵᠢᠬᠦᠯᠦᠭᠳᠡᠵᠦ ᠪᠠᠶᠢᠭ᠎ᠠ ᠳᠦᠷᠢᠮ ᠳᠤᠭᠳᠠᠭᠠᠯ ᠵᠡᠷᠬᠡ ᠪᠠᠷ ᠭᠠᠯ ᠤᠨ ᠡᠬᠢ ᠰᠤᠷᠪᠤᠯᠵᠢ ᠬᠦᠳᠡᠭᠡ ᠪᠡᠯᠴᠢᠬᠡᠷ ᠲᠤ ᠣᠷᠣᠬᠤ ᠶᠢ ᠬᠢᠵᠠᠭᠠᠷᠯᠠᠨ᠂ ᠭᠠᠯ ᠤᠨ ᠡᠬᠦᠰᠦᠯ ᠢ ᠡᠬᠢᠨ ᠠᠴᠠ ᠨᠢ ᠬᠤᠷᠢᠭᠯᠠᠬᠤ ᠪᠤᠯ ᠵᠠᠩᠬᠢᠯᠠᠭ᠎ᠠ ᠶᠤᠮ᠃      ᠭᠠᠯ ᠤᠨ ᠠᠶᠤᠯ ᠢ ᠰᠡᠷᠬᠡᠶᠢᠯᠡᠬᠦ ᠳᠡᠭᠡᠨ ᠪᠢᠳᠡ ᠳᠤᠰ ᠭᠠᠵᠠᠷ ᠤᠨ ᠢᠶᠠᠨ ᠴᠠᠭ ᠠᠭᠤᠷ ᠤᠨ ᠪᠠᠶᠢᠳᠠᠯ᠂ ᠪᠡᠯᠴᠢᠭᠡᠷ ᠨᠤᠳᠤᠭ ᠤᠨ ᠡᠪᠡᠰᠦᠨ ᠤ ᠪᠥᠷᠬᠦᠴᠡ ᠶᠢᠨ ᠪᠠᠶᠢᠳᠠᠯ᠂ ᠭᠠᠳᠠᠨ᠎ᠠ ᠲᠤᠲᠤᠨ᠎ᠠ ᠶᠢᠨ ᠬᠦᠮᠦᠰ ᠤᠨ ᠨᠠᠭᠠᠰᠢ ᠴᠠᠭᠠᠰᠢ ᠶᠠᠪᠤᠵᠦ ᠰᠠᠭᠤᠭ᠎ᠠ ᠪᠠᠶᠢᠳᠠᠯ ᠵᠡᠷᠭᠡ ᠶᠢ ᠦᠨᠳᠦᠰᠦᠯᠠᠨ ᠪᠤᠳᠠᠳᠦ ᠪᠠᠶᠢᠳᠠᠯ ᠳᠠᠭᠠᠨ ᠵᠣᠬᠢᠴᠠᠭᠤᠯᠤᠨ ᠭᠠᠯ ᠢ ᠰᠡᠷᠬᠡᠶᠢᠯᠡᠬᠦ ᠠᠷᠭ᠎ᠠ ᠬᠡᠮᠵᠢᠶ᠎ᠡ ᠪᠠᠨ ᠳᠤᠭᠳᠠᠭᠠᠨ᠂ ᠪᠤᠳᠠᠳᠠᠢ ᠵᠢᠯᠣᠭᠤᠳᠣᠨ ᠨᠠᠶᠢᠳᠠᠪᠤᠷᠢᠵᠢᠭᠤᠯᠬᠤ ᠪᠤᠯ ᠴᠢᠬᠤᠯᠠ ᠶᠤᠮ᠃ ᠡᠨᠡ ᠬᠠᠪᠤᠷ ᠤᠨ ᠪᠠᠶᠢᠳᠠᠯ ᠠᠴᠠ ᠦᠵᠡᠪᠡᠯ ᠡᠪᠦᠯ ᠴᠠᠰᠦ ᠶᠡᠭᠡ ᠣᠷᠣᠭᠰᠠᠨ ᠠᠴᠠ ᠪᠡᠯᠴᠢᠭᠡᠷ ᠤᠨ ᠡᠪᠡᠰᠦ ᠳᠠᠷᠤᠭᠳᠠᠨ ᠦᠯᠡᠲᠡᠵᠤ ᠬᠠᠪᠤᠷ ᠤᠨ ᠬᠠᠭᠳᠠ ᠡᠪᠡᠰᠦ ᠵᠤᠵᠠᠭᠠᠨ ᠪᠠᠶᠢᠬᠤ ᠨᠢ ᠲᠦᠢᠮᠡᠷ ᠭᠠᠷᠬᠤ ᠳᠤ ᠪᠤᠰᠤᠤᠡᠴᠢ ᠨᠥᠬᠦᠴᠡᠯ ᠪᠤᠯᠬᠤ ᠳᠤᠯᠠ ᠴᠠᠰᠦ ᠬᠠᠶᠢᠯᠤᠭᠰᠠᠨ ᠤ ᠳᠠᠷᠠᠭᠠᠬᠢ ᠲᠦᠢᠮᠡᠷ ᠢ ᠰᠡᠷᠬᠡᠶᠢᠯᠡᠬᠦ ᠠᠵᠢᠯ ᠢ ᠡᠷᠳᠡ ᠠᠴᠠ ᠠᠤᠡᠬᠤᠬᠤ ᠴᠢᠬᠤᠯᠠᠳᠠᠢ ᠪᠤᠯᠤᠨ᠎ᠠ᠃ ᠬᠠᠷᠢᠨ ᠴᠠᠰᠣᠨ ᠤ ᠴᠢᠬᠢᠭ ᠪᠠᠶᠢᠬᠤ ᠪᠤᠯᠬᠤᠷ ᠭᠠᠶᠢᠭᠤᠢ ᠬᠡᠮᠡᠨ ᠰᠠᠨᠠᠭ᠎ᠠ ᠠᠮᠠᠷᠠᠨ ᠰᠠᠭᠤᠵᠦ ᠪᠤᠯᠬᠤ ᠦᠬᠡᠢ᠂ ᠬᠠᠪᠤᠷ ᠤᠨ ᠬᠠᠯᠠᠭᠤᠨ ᠰᠠᠯᠬᠢᠨ ᠳᠤ ᠡᠪᠡᠰᠦ ᠪᠤᠯᠤᠨ ᠭᠠᠵᠠᠷ ᠤᠨ ᠥᠩᠬᠡ ᠮᠠᠰᠢ ᠲᠦᠷᠬᠡᠨ ᠬᠠᠳᠠᠳᠠᠭ ᠪᠤᠯᠬᠤᠷ ᠭᠠᠯ ᠡᠬᠦᠰᠬᠦ ᠠᠶᠤᠯ ᠮᠦᠨ ᠯᠡ ᠬᠦᠨᠳᠦ ᠪᠠᠶᠢᠬᠤ ᠶᠢ ᠰᠡᠷᠭᠡᠭ ᠢᠶᠠᠷ ᠳᠠᠨᠢᠵᠦ ᠤᠷᠢᠤᠡᠴᠢᠯᠡᠨ ᠰᠡᠷᠬᠡᠶᠢᠯᠡᠬᠦ ᠠᠵᠢᠯ ᠢ ᠰᠠᠶᠢᠲᠤᠷ ᠠᠤᠡᠬᠤᠬᠤ ᠬᠡᠷᠡᠭᠳᠡᠢ ᠶᠤᠮ᠃ ᠠᠶᠤᠯ ᠦᠬᠡᠢ ᠪᠤᠯ ᠰᠠᠶ᠋ᠢ ᠠᠮᠤᠷ ᠳᠠᠶᠢᠪᠤᠩ ᠠᠵᠦ ᠲᠥᠷᠦᠵᠦ ᠴᠢᠳᠠᠨ᠎ᠠ᠃     
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ