ᠦᠬᠡᠷ ᠢ ᠬᠡᠷᠬᠢᠨ ᠳᠡᠵᠢᠬᠡᠪᠡᠯ ᠡᠪᠣᠯ ᠳᠠᠷᠭᠤ ᠮᠠᠭᠤᠳᠠᠬᠤ ᠦᠭᠡᠢ ᠪᠣᠢ
ᠨᠡᠶᠢᠲᠡᠯᠡᠭᠰᠡᠨ ᠴᠠᠭ᠄
2023/2/3
                                      1. ᠡᠯ᠎ᠠ ᠵᠥᠢᠯ ᠤᠨ ᠡᠰᠢ ᠰᠥᠷᠠᠯ ᠢ ᠰᠠᠶᠢᠳᠤᠷ ᠰᠢᠢᠳᠪᠤᠷᠢᠯᠠᠬᠦ ᠶᠢ ᠠᠩᠬᠠᠷᠤᠨ᠎ᠠ ᠲᠤᠳᠤᠷᠭ᠎ᠠ᠂ ᠪᠤᠭᠤᠳᠠᠢ ᠶᠢᠨ ᠰᠥᠷᠠᠯ ᠢ ᠰᠠᠶᠢᠳᠤᠷ ᠰᠢᠪᠳᠤᠷᠵᠢᠬᠦᠯᠤᠨ ᠭᠡᠪ ᠲᠠᠢ ᠰᠠᠶᠢᠬᠠᠨ ᠰᠢᠢᠳᠪᠤᠷᠢᠯᠠᠪᠠᠯ᠂ ᠬᠠᠭᠤᠷᠠᠢ ᠶᠢ ᠨᠢ ᠨᠦᠢᠳᠠᠨ ᠪᠤᠯᠭᠠᠵᠤ᠂ ᠬᠠᠳᠠᠭᠤ ᠰᠢᠭ᠋ ᠢ ᠨᠢ ᠵᠥᠭᠡᠯᠠᠷᠠᠬᠦᠯᠵᠤ ᠪᠤᠯᠤᠨ᠎ᠠ᠃ ᠰᠢᠢᠳᠪᠤᠷᠢᠯᠠᠬᠦ ᠠᠷᠭ᠎ᠠ ᠭᠡᠪᠠᠯ᠂ ᠭᠡᠷᠡᠭᠯᠠᠬᠦ ᠪᠤᠭᠤᠳᠠᠢ᠂ ᠲᠤᠳᠤᠷᠭ᠎ᠠ ᠶᠢᠨ ᠰᠥᠷᠠᠯ ᠢᠶᠠᠨ 2~3 ᠰᠡᠨᠲᠮᠧᠲᠷ ᠤᠬᠤᠷ ᠭᠡᠷᠴᠢᠵᠤ᠂ 100 ᠺᠢᠯᠥᠭᠷᠠᠮ ᠭᠡᠷᠴᠢᠭᠰᠡᠨ ᠡᠪᠠᠰᠤᠨ ᠳᠤ 4 ᠺᠢᠯᠥᠭᠷᠠᠮ ᠰᠢᠭᠡᠰᠦᠯᠢᠭ ᠡᠳ᠋ ᠨᠠᠮᠠᠨ᠎ᠠ᠃ ᠤᠷᠢᠳᠠᠪᠠᠷ 40 ᠺᠢᠯᠥᠭᠷᠠᠮ ᠤᠰᠤ ᠪᠠᠷ ᠰᠢᠭᠡᠰᠦᠯᠢᠭ ᠡᠳ᠋ ᠢ ᠠᠭᠤᠰᠬᠠᠵᠤ ᠪᠤᠭᠤᠳᠠᠢ ᠪᠤᠯᠤᠨ ᠲᠤᠳᠤᠷᠭ᠎ᠠ ᠶᠢᠨ ᠰᠥᠷᠠᠯ ᠤᠨ ᠭᠡᠷᠴᠢᠮᠠᠯ ᠳᠤ ᠨᠢᠭᠳᠠ ᠬᠤᠯᠢᠵᠤ᠂ ᠲᠠᠷᠠᠭ᠎ᠠ ᠨᠢ ᠼᠧᠮᠧᠨ᠋ᠲ ᠴᠥᠬᠦᠷᠤᠮ ᠪᠤᠶᠤ ᠪᠥᠳᠤᠬᠦᠨ ᠭᠠᠩ ᠳᠤ ᠭᠢᠵᠤ᠂ ᠨᠢᠭᠳᠠ ᠲᠠᠷᠤᠵᠤ ᠪᠢᠳᠠᠬᠦᠮᠵᠢᠯᠠᠵᠤ ᠭᠡᠢ ᠠᠭᠠᠷ ᠤᠷᠤᠭᠤᠯᠬᠤ ᠥᠭᠡᠢ ᠪᠤᠯᠭᠠᠨ᠎ᠠ᠃ ᠡᠪᠤᠯ ᠤᠨ ᠤᠯᠠᠷᠢᠯ ᠳᠤ ᠨᠢᠭᠡ ᠰᠠᠷ᠎ᠠ ᠰᠢᠪᠳᠤᠷᠵᠢᠬᠦᠯᠪᠠᠯ ᠲᠠᠷᠤᠢ ᠪᠤᠯᠴᠢᠬᠠᠨ᠎ᠠ᠃ ᠢᠩᠭᠢᠵᠤ ᠰᠢᠪᠳᠤᠷᠵᠢᠬᠦᠯᠥᠭᠰᠠᠨ ᠲᠠᠵᠢᠭᠡᠯ ᠨᠢ ᠵᠥᠭᠡᠯᠠᠨ᠂ ᠥᠭᠡᠷ ᠢᠳᠠᠰᠢᠯᠠᠬᠦ ᠲᠤᠷᠠᠳᠠᠢ᠂ ᠠᠮᠠᠷᠬᠠᠨ ᠰᠢᠩᠭᠡᠭᠡᠵᠤ᠂ ᠲᠠᠷᠭᠤ ᠠᠪᠬᠤ ᠨᠢ ᠴᠤ ᠰᠠᠶᠢᠨ ᠶᠤᠮ᠃ ᠡᠳᠤᠷ ᠪᠥᠷᠢ ᠥᠭᠡᠷ ᠲᠤ 10~15 ᠺᠢᠯᠥᠭᠷᠠᠮ ᠲᠠᠵᠢᠭᠡᠪᠠᠯ ᠪᠤᠯᠴᠢᠬᠠᠨ᠎ᠠ᠃    2. ᠲᠠᠵᠢᠭᠡᠯ ᠡᠪᠠᠰᠤ ᠪᠤᠷᠳᠤᠭ᠎ᠠ ᠶᠢ ᠰᠠᠶᠢᠳᠤᠷ ᠲᠤᠭᠢᠷᠠᠭᠤᠯᠬᠤ ᠶᠢ ᠠᠩᠬᠠᠷᠤᠨ᠎ᠠ ᠡᠪᠤᠯ ᠤᠨ ᠤᠯᠠᠷᠢᠯ ᠳᠤ ᠬᠥᠭᠡ ᠡᠪᠠᠰᠤ ᠥᠭᠡᠢ ᠪᠤᠯᠬᠤᠷ ᠲᠠᠵᠢᠭᠡᠯ ᠡᠪᠠᠰᠤ ᠪᠠᠨ ᠤᠯᠠᠨ ᠶᠠᠩᠵᠤ ᠪᠠᠷ ᠲᠤᠭᠢᠷᠠᠭᠤᠯᠤᠨ ᠲᠠᠵᠢᠭᠡᠵᠤ ᠪᠤᠯᠤᠨ᠎ᠠ᠃ ᠲᠠᠷᠤᠢ ᠤᠬᠤᠷ ᠭᠡᠷᠴᠢᠭᠰᠡᠨ ᠪᠤᠶᠤ ᠤᠬᠤᠷ ᠰᠢᠭ᠋ ᠡᠪᠠᠰᠤᠨ ᠳᠤ ᠤᠷᠳᠤ ᠡᠪᠠᠰᠤ᠂ ᠰᠠᠶᠢᠨ ᠴᠢᠨᠠᠷ ᠤᠨ ᠡᠪᠠᠰᠤᠨ ᠳᠤ ᠮᠠᠭᠤ ᠰᠢᠭ᠋ ᠡᠪᠠᠰᠤ ᠶᠢ ᠬᠠᠪᠰᠤᠷᠭᠠᠵᠤ᠂ ᠪᠥᠳᠤᠬᠦᠯᠢᠭ ᠤᠭᠤᠷᠠᠭ ᠤᠨ ᠭᠡᠮᠵᠢᠶ᠎ᠠ 20%~22% ᠲᠤ ᠬᠥᠷᠪᠠᠯ᠂ ᠪᠤᠰᠤᠳ ᠶᠠᠭᠡᠩᠭᠢ ᠡᠪᠠᠰᠤᠨ ᠤ ᠪᠥᠳᠤᠬᠦᠯᠢᠭ ᠤᠭᠤᠷᠠᠭ ᠤᠨ ᠭᠡᠮᠵᠢᠶ᠎ᠠ ᠶᠢ 4% ~20% ᠶᠢᠨ ᠲᠤᠳᠤᠷ᠎ᠠ ᠪᠠᠶᠢᠯᠭᠠᠪᠠᠯ ᠰᠠᠶᠢᠨ ᠶᠤᠮ᠃ ᠲᠠᠭᠢᠪᠠᠯ᠂ ᠲᠠᠵᠢᠭᠡᠯ ᠡᠪᠠᠰᠤᠨ ᠤ ᠥᠩᠭᠡ ᠠᠳᠠᠯᠢ ᠪᠤᠰᠤ ᠤᠴᠢᠷ ᠠᠴᠠ ᠲᠠᠬᠦᠨ ᠤ ᠰᠢᠮ᠎ᠠ ᠲᠠᠵᠢᠭᠡᠯ ᠨᠢ ᠪᠠᠰᠨ ᠠᠳᠠᠯᠢ ᠪᠤᠰᠤ ᠪᠠᠶᠢᠳᠠᠭ᠃ ᠡᠩ ᠤᠨ ᠪᠠᠶᠢᠳᠠᠯ ᠲᠤᠤᠷ᠎ᠠ᠂ ᠨᠤᠭᠤᠭᠠᠨ ᠬᠠᠭᠤᠷᠠᠢ ᠡᠪᠠᠰᠤᠨ ᠤ ᠰᠢᠮ᠎ᠠ ᠲᠠᠵᠢᠭᠡᠯ ᠥᠨᠳᠤᠷ ᠪᠠᠶᠢᠵᠤ᠂ ᠰᠢᠷᠠᠯᠠᠭᠰᠠᠨ ᠬᠠᠭᠤᠷᠠᠢ ᠡᠪᠠᠰᠤ ᠶᠢᠨ ᠰᠢᠮ᠎ᠠ ᠲᠠᠵᠢᠭᠡᠯ ᠨᠠᠯᠢᠶᠠᠳ ᠮᠠᠭᠤ ᠪᠠᠶᠢᠳᠠᠭ ᠠᠴᠠ ᠴᠠᠭᠠᠨ ᠥᠩᠭᠡ ᠶᠢᠨ ᠬᠠᠭᠤᠷᠠᠢ ᠡᠪᠠᠰᠤ ᠶᠢᠨ ᠰᠢᠮ᠎ᠠ ᠲᠠᠵᠢᠭᠡᠯ ᠨᠠᠩ ᠮᠠᠭᠤ ᠪᠠᠶᠢᠳᠠᠭ᠃ ᠡᠶᠢᠮᠤ ᠠᠴᠠ ᠭᠤᠷᠪᠠᠨ ᠵᠥᠢᠯ ᠤᠨ ᠥᠩᠭᠡ ᠶᠢᠨ ᠡᠪᠠᠰᠤ ᠶᠢ ᠰᠠᠶᠢᠳᠤᠷ ᠲᠤᠭᠢᠷᠠᠭᠤᠯᠤᠨ᠎ᠠ᠃ ᠵᠢᠱᠢᠶᠠᠯᠠᠪᠠᠯ᠂ ᠨᠤᠭᠤᠭᠠᠨ ᠥᠩᠭᠡ ᠶᠢᠨ ᠬᠠᠭᠤᠷᠠᠢ ᠡᠪᠠᠰᠤ ᠪᠤᠯᠬᠤ ᠬᠤᠸᠠᠱᠧᠩ ᠤᠨ ᠵᠠᠯ᠎ᠠ᠂ ᠴᠠᠷᠭᠠᠰᠤ᠂ ᠡᠷᠳᠠᠨᠢ ᠰᠢᠰᠢ ᠶᠢᠨ ᠨᠠᠪᠴᠢ ᠪᠤᠯᠤᠨ ᠴᠠᠭᠠᠨ ᠥᠩᠭᠡ ᠶᠢᠨ ᠬᠠᠭᠤᠷᠠᠢ ᠡᠪᠠᠰᠤ ᠪᠤᠯᠬᠤ ᠪᠤᠭᠤᠳᠠᠢ ᠶᠢᠨ ᠰᠥᠷᠠᠯ᠂ ᠲᠤᠳᠤᠷᠭ᠎ᠠ ᠶᠢᠨ ᠰᠥᠷᠠᠯ ᠢ ᠲᠤᠰ ᠲᠤᠰ 30% ᠪᠠᠷ ᠡᠵᠠᠯᠠᠬᠦᠯᠵᠤ᠂ ᠰᠢᠷ᠎ᠠ ᠥᠩᠭᠡ ᠶᠢᠨ ᠬᠠᠭᠤᠷᠠᠢ ᠡᠪᠠᠰᠤ ᠶᠢ 40% ᠡᠵᠠᠯᠠᠬᠦᠯᠵᠤ᠂ ᠭᠤᠷᠪᠠᠨ ᠵᠥᠢᠯ ᠤᠨ ᠡᠪᠠᠰᠤ ᠶᠢ ᠨᠠᠷᠢᠨ ᠭᠡᠷᠴᠢᠵᠤ ᠨᠠᠷᠢᠯᠢᠭ ᠬᠤᠯᠢᠵᠤ ᠲᠠᠵᠢᠭᠡᠪᠠᠯ ᠥᠭᠡᠷ ᠢᠳᠠᠰᠢᠯᠠᠬᠦ ᠲᠤᠷᠠᠳᠠᠢ ᠪᠥᠭᠡᠳ ᠰᠢᠮ᠎ᠠ ᠲᠠᠵᠢᠭᠡᠯ ᠨᠠᠯᠢᠶᠠᠳ ᠬᠥᠢᠴᠠᠳ ᠪᠤᠯᠬᠤ ᠶᠤᠮ᠃        3. ᠨᠠᠷᠢᠯᠢᠭ ᠪᠤᠷᠳᠤᠭ᠎ᠠ ᠶᠢ ᠰᠠᠶᠢᠳᠤᠷ ᠲᠤᠭᠢᠷᠠᠭᠤᠯᠤᠨ᠎ᠠ ᠨᠠᠷᠢᠯᠢᠭ ᠪᠤᠷᠳᠤᠭ᠎ᠠ ᠪᠠᠷ ᠲᠠᠵᠢᠭᠡᠬᠦ ᠳᠡᠭᠡᠨ ᠵᠠᠪᠠᠯ ᠵᠥᠭᠡᠯᠠᠨ ᠬᠠᠳᠠᠭᠤ ᠶᠢ ᠵᠤᠭᠢᠰᠳᠠᠢ ᠲᠠᠩᠴᠠᠬᠦᠯᠤᠨ᠎ᠠ ᠃ ᠵᠢᠱᠢᠶᠠᠯᠠᠪᠠᠯ᠂ ᠡᠷᠳᠠᠨᠢ ᠰᠢᠰᠢ᠂ ᠰᠢᠷ᠎ᠠ ᠪᠤᠷᠴᠠᠭ ᠵᠠᠷᠭᠡ ᠬᠠᠳᠠᠭᠤ ᠪᠤᠷᠳᠤᠭ᠎ᠠ ᠪᠤᠯᠤᠨ ᠪᠤᠭᠤᠳᠠᠢ ᠶᠢᠨ ᠠᠭ᠎ᠠ᠂ ᠨᠤᠨᠳᠠᠭ ᠪᠤᠷᠳᠤᠭ᠎ᠠ ᠵᠠᠷᠭᠡ ᠵᠥᠭᠡᠯᠠᠨ ᠪᠤᠷᠳᠤᠭ᠎ᠠ ᠪᠠᠷ ᠲᠠᠵᠢᠭᠡᠬᠦ ᠳᠡᠭᠡᠨ ᠰᠠᠶᠢᠳᠤᠷ ᠬᠤᠯᠢᠵᠤ ᠤᠷᠢᠳᠠᠪᠠᠷ ᠡᠪᠠᠰᠤ ᠥᠭᠴᠤ ᠲᠠᠵᠢᠭᠡᠨ᠂ ᠬᠠᠭᠠᠰ ᠴᠠᠳᠬᠤ ᠥᠶ᠎ᠠ ᠳᠤ ᠪᠠᠭ᠎ᠠ ᠪᠤᠷᠳᠤᠭ᠎ᠠ ᠨᠠᠮᠠᠵᠤ᠂ ᠢᠳᠠᠵᠤ ᠲᠠᠭᠤᠰᠬᠤ ᠥᠶ᠎ᠠ ᠳᠤ ᠢᠯᠠᠬᠦᠭᠡᠨ ᠪᠤᠷᠳᠤᠭ᠎ᠠ ᠥᠭᠬᠦ ᠶᠢᠨ ᠲᠠᠭᠠᠤ ᠥᠨᠤᠷ ᠲᠠᠢ ᠪᠤᠷᠳᠤᠭ᠎ᠠ ᠶᠢ ᠨᠠᠮᠠᠨ᠎ᠠ᠃      4. ᠰᠢᠭᠡᠰᠦᠯᠢᠭ ᠡᠳ᠋ ᠨᠠᠮᠠᠵᠤ ᠲᠠᠵᠢᠭᠡᠨ᠎ᠠ ᠰᠢᠭᠡᠰᠦᠯᠢᠭ ᠡᠳ᠋ ᠪᠤᠯ ᠤᠭᠤᠷᠠᠭ ᠨᠥᠬᠦᠪᠤᠷᠢᠯᠠᠬᠦ ᠴᠢᠬᠤᠯᠨ ᠠᠷᠭ᠎ᠠ ᠪᠤᠯᠬᠤ ᠶᠤᠮ᠃ 6 ᠰᠠᠷ᠎ᠠ ᠶᠢᠨ ᠨᠠᠰᠤ ᠠᠴᠠ ᠲᠠᠭᠡᠭᠰᠢᠭᠢ ᠲᠤᠭᠤᠯ ᠳᠤ 40~60 ᠭᠷᠠᠮ ᠥᠭᠴᠤ ᠲᠠᠵᠢᠭᠡᠵᠤ᠂ ᠪᠤᠷᠳᠤᠨ ᠲᠠᠷᠭᠤᠯᠠᠭᠤᠯᠬᠤ ᠥᠭᠡᠷ ᠲᠤ 70~100 ᠭᠷᠠᠮ᠂ ᠨᠠᠰᠤᠨ ᠳᠤ ᠬᠥᠷᠥᠭᠰᠠᠨ ᠥᠨᠢᠶ᠎ᠠ ᠳᠤ ᠡᠳᠤᠷ ᠪᠥᠷᠢ 150 ᠭᠷᠠᠮ ᠥᠭᠴᠤ ᠲᠠᠵᠢᠭᠡᠪᠠᠯ ᠰᠠᠶᠢᠨ᠃ ᠰᠢᠭᠡᠰᠦᠯᠢᠭ ᠡᠳ᠋ ᠤᠨ ᠠᠮᠳᠠ ᠮᠠᠭᠤ ᠪᠠᠶᠢᠳᠠᠭ ᠠᠴᠠ 1% ᠪᠠᠷ ᠨᠠᠷᠢᠯᠢᠭ ᠪᠤᠷᠳᠤᠭ᠎ᠠ ᠲᠠᠢ ᠬᠤᠯᠢᠵᠤ ᠲᠠᠵᠢᠭᠡᠨ᠎ᠠ᠂ ᠲᠠᠵᠢᠭᠡᠭᠰᠠᠨ ᠤ ᠲᠠᠷᠠᠭ᠎ᠠ ᠬᠠᠭᠠᠰ ᠴᠠᠭ ᠤᠨ ᠲᠤᠳᠤᠷ᠎ᠠ ᠤᠰᠤᠯᠠᠵᠤ ᠪᠤᠯᠬᠤ ᠥᠭᠡᠢ᠃ ᠡᠳᠤᠷ ᠪᠥᠷᠢ 13~15 ᠺᠢᠯᠥᠭᠷᠠᠮ ᠡᠪᠠᠰᠤ ᠥᠭᠴᠤ ᠲᠠᠵᠢᠭᠡᠨ᠎ᠠ᠃      5. ᠪᠥᠯᠢᠶᠠᠨ ᠤᠰᠤ ᠪᠷ ᠤᠰᠤᠯᠠᠪᠠᠯ ᠰᠠᠶᠢᠨ ᠡᠪᠤᠯ ᠴᠠᠭ ᠲᠤ ᠥᠭᠡᠷ ᠢ ᠬᠥᠢᠳᠠᠨ ᠤᠰᠤ ᠪᠠᠷ ᠤᠰᠤᠯᠠᠵᠤ ᠪᠤᠯᠬᠤ ᠥᠭᠡᠢ᠃ 15~25 ᠭᠷᠠᠳᠦ᠋ᠰ ᠤᠨ ᠪᠥᠯᠢᠶᠠᠨ ᠤᠰᠤ ᠪᠠᠷ ᠤᠰᠤᠯᠠᠬᠤ ᠶᠢᠨ ᠲᠠᠭᠠᠤ ᠪᠥᠯᠢᠶᠠᠨ ᠤᠰᠤᠨ ᠳᠠᠭᠠᠨ ᠲᠠᠪᠤᠰᠤ ᠨᠠᠮᠠᠪᠠᠯ ᠰᠠᠶᠢᠨ᠂ ᠲᠠᠪᠤᠰᠤ ᠨᠠᠮᠠᠬᠦ ᠭᠡᠮᠵᠢᠶ᠎ᠠ ᠶᠢ ᠡᠳᠤᠷ ᠲᠤ 150 ᠭᠷᠠᠮ ᠪᠤᠯᠪᠠᠯ ᠪᠤᠯᠴᠢᠬᠠᠨ᠎ᠠ᠃ ᠪᠥᠯᠢᠶᠠᠨ ᠤᠰᠤ ᠪᠠᠷ ᠤᠰᠤᠯᠠᠪᠠᠯ ᠬᠠᠯᠠᠭᠤᠨ ᠢ ᠪᠠᠭᠤᠷᠠᠭᠤᠯᠵᠤ᠂ ᠥᠷᠪᠢᠰᠤᠯ ᠢ ᠲᠠᠷᠤᠬᠤ᠂ ᠢᠳᠠᠭᠡᠨ ᠤ ᠲᠤᠷᠠᠰᠢᠯ ᠢ ᠨᠠᠮᠡᠭᠳᠠᠬᠦᠯᠵᠤ᠂ ᠲᠠᠷᠭᠤ ᠠᠪᠬᠤ ᠳᠤ ᠰᠠᠶᠢᠨ ᠶᠤᠮ᠃ ᠡᠬᠦᠨ ᠠᠴᠠ ᠭᠠᠳᠠᠨ᠎ᠠ᠂ ᠡᠷᠠᠬᠦᠯ ᠬᠠᠮᠠᠭᠠᠯᠠᠯ ᠢ ᠰᠠᠶᠢᠳᠤᠷ ᠭᠢᠵᠤ᠂ ᠥᠭᠡᠷ ᠤᠨ ᠬᠠᠰᠢᠶ᠎ᠠ ᠬᠤᠷᠤᠭ᠎ᠠ ᠶᠢ ᠥᠷᠬᠦᠯᠵᠢ ᠴᠠᠪᠠᠷᠯᠠᠵᠤ ᠂ ᠬᠠᠭᠤᠷᠠᠢ ᠰᠢᠷᠤᠢ ᠲᠠᠪᠢᠰᠴᠤ᠂ ᠡᠳᠤᠷ ᠪᠥᠷᠢ ᠶᠢᠨ ᠥᠳᠠ ᠳᠤ ᠥᠭᠡᠷ ᠢ ᠨᠠᠷᠠᠨ ᠳᠤ ᠡᠭᠡᠭᠡᠵᠤ᠂ ᠪᠠᠶ᠎ᠠ ᠶᠢ ᠨᠢ ᠲᠠᠮᠤᠷ ᠱᠤᠸᠠᠰᠨ ᠪᠠᠷ ᠱᠤᠸᠠᠰᠠᠳᠠᠵᠤ᠂ ᠴᠢᠰᠤᠨ ᠤ ᠡᠷᠭᠢᠯᠳᠠ ᠶᠢ ᠠᠭᠢᠭᠤᠯᠤᠨ᠎ᠠ᠃
ᠢᠷᠡᠯᠲᠡ᠄ ᠰᠢᠨ᠎ᠡ ᠮᠠᠯᠴᠢᠳ ᠤᠨ ᠰᠤᠨᠢᠨ